ᠬᠤᠩ ᠬᠤᠸᠠ ᠭᠧᠦ ᠪᠠᠯᠭᠠᠰᠤ
ᠨᠡᠶᠢᠲᠡᠯᠡᠭᠰᠡᠨ ᠴᠠᠭ᠄
2023/12/11
      ᠲᠡᠭᠦᠷᠭᠡ ᠲᠣᠭᠤᠷᠢᠭ ᠤᠨ ᠵᠠᠰᠠᠭ ᠤᠨ ᠣᠷᠳᠣᠨ ᠤ ᠪᠠᠶᠢᠭ᠎ᠠ ᠭᠠᠵᠠᠷ ᠠᠴᠠ ᠪᠠᠷᠠᠭᠤᠨᠰᠢ 40 ᠺᠢᠯᠣᠮᠧᠲᠷ ᠵᠠᠶᠢᠲᠠᠢ ᠪᠠᠶᠢᠷᠢᠯᠠᠵᠤ ᠪᠤᠢ᠂ ᠴᠢᠩ ᠤᠯᠤᠰ ᠤᠨ ᠪᠠᠳᠠᠷᠠᠭᠤᠯᠲᠤ ᠲᠥᠷᠥ ᠶᠢᠨ ᠦᠶ᠎ᠡ ᠳᠤ ᠲᠣᠰᠬᠤᠨ ᠪᠠᠶᠢᠵᠤ᠂ ᠪᠠᠯᠭᠠᠰᠤᠨ ᠳᠤ ᠠᠯᠲᠠᠨ ᠤ ᠠᠭᠤᠷᠬᠠᠢ ᠲᠠᠢ᠂ ᠨᠡᠭᠡᠭᠡᠨ ᠠᠰᠢᠭᠯᠠᠭᠠᠳ ᠵᠠᠭᠤ ᠭᠠᠷᠤᠢ ᠵᠢᠯ ᠪᠣᠯᠤᠭᠰᠠᠨ ᠪᠠᠶᠢᠨ᠎ᠠ᠃ 1984 ᠣᠨ ᠳᠤ ᠬᠤᠩ ᠬᠤᠸᠠ ᠭᠧᠦ ᠪᠠᠯᠭᠠᠰᠤ ᠶᠢ ᠪᠠᠶᠢᠭᠤᠯᠵᠠᠢ᠃ ᠡᠳᠦᠭᠡ ᠬᠠᠷᠢᠶᠠᠨ ᠳᠤ ᠨᠢ 5 ᠲᠣᠰᠬᠤᠨ᠂ 1 ᠰᠠᠭᠤᠭᠠᠯᠢ ᠠᠷᠠᠳ ᠤᠨ ᠵᠥᠪᠯᠡᠯ᠂ 26 ᠠᠶᠢᠯ᠂ 2633 ᠡᠷᠦᠬᠡ᠂ 11857 ᠬᠥᠮᠥᠨ ᠠᠮᠠ ᠲᠠᠢ ᠪᠠᠶᠢᠵᠤ᠂ ᠡᠭᠦᠨ ᠳᠤ ᠲᠠᠷᠢᠶᠠᠯᠠᠩ ᠤᠨ ᠪᠤᠰᠤ ᠬᠥᠮᠥᠨ ᠠᠮᠠ 2573 ᠬᠥᠮᠥᠨ ᠪᠤᠢ᠃ ᠬᠢᠲᠠᠳ ᠦᠨᠳᠦᠰᠦᠲᠡᠨ 9524 ᠬᠥᠮᠥᠨ᠂ ᠮᠣᠩᠭᠤᠯ ᠦᠨᠳᠦᠰᠦᠲᠡᠨ 2023 ᠬᠥᠮᠥᠨ᠂ ᠬᠤᠲᠣᠩ ᠮᠠᠨᠵᠤ 350 ᠬᠥᠮᠥᠨ ᠪᠤᠢ᠃      ᠪᠠᠯᠭᠠᠰᠤᠨ ᠤ ᠭᠤᠣᠯ ᠵᠠᠮ ᠨᠢ ᠡᠮᠦᠨᠡᠰᠢ ᠤᠮᠠᠷᠠᠰᠢ ᠴᠢᠭᠯᠡᠯ ᠲᠠᠢ᠂ 20 ᠳ᠋ᠤᠭᠠᠷ ᠵᠠᠭᠤᠨ ᠤ ᠳᠦᠴᠢᠭᠡᠳ ᠣᠨ ᠳᠤ ᠪᠦᠷᠢᠯᠳᠦᠵᠦ᠂ ᠡᠳᠦᠭᠡ ᠤᠷᠲᠤ ᠨᠢ 800 ᠮᠧᠲᠷ᠂ ᠵᠠᠮ ᠤᠨ ᠥᠷᠭᠡᠨ ᠨᠢ 20 ᠮᠧᠲᠷ᠂ 1988 ᠣᠨ ᠳᠤ ᠼᠧᠮᠧᠨ᠋ᠲ ᠵᠠᠮ ᠵᠠᠰᠠᠭᠰᠠᠨ ᠪᠠᠶᠢᠨ᠎ᠠ᠃ ᠳᠡᠳ᠋ ᠭᠤᠣᠯ ᠵᠠᠮ ᠨᠢ ᠵᠡᠭᠦᠨᠰᠢ ᠪᠠᠷᠠᠭᠤᠨᠰᠢ ᠴᠢᠭᠯᠡᠯ ᠲᠠᠢ᠂ ᠤᠷᠲᠤ ᠨᠢ 700 ᠮᠧᠲᠷ᠂ ᠥᠷᠭᠡᠨ ᠨᠢ 10 ᠮᠧᠲᠷ᠃ ᠭᠤᠣᠯ ᠵᠠᠮ ᠳᠤ 1987 ᠣᠨ ᠳᠤ 10 ᠲᠦᠮᠡᠨ ᠲᠥᠭᠦᠷᠢᠭ ᠤᠨ ᠪᠡᠯᠡ ᠣᠷᠣᠭᠤᠯᠤᠨ ᠤᠰᠤ ᠭᠠᠳᠠᠭᠰᠢᠯᠠᠭᠤᠯᠬᠤ ᠬᠤᠭᠤᠯᠠᠢ 1500 ᠮᠧᠲᠷ ᠤᠭᠰᠠᠷᠠᠭᠰᠠᠨ ᠪᠠᠶᠢᠨ᠎ᠠ᠂ ᠳ᠋ᠢᠶᠠᠮᠧᠲᠷ ᠨᠢ 400 ᠮᠢᠯᠢᠮᠧᠲᠷ ᠤᠨ ᠼᠧᠮᠧᠨ᠋ᠲ ᠬᠤᠭᠤᠯᠠᠢ᠃ 1987 ᠣᠨ ᠳᠤ ᠣᠯᠠᠨ ᠨᠡᠶᠢᠲᠡ ᠶᠢᠨ ᠵᠣᠷᠯᠣᠩ 1 ᠶᠢ ᠪᠠᠶᠢᠭᠤᠯᠤᠭᠰᠠᠨ ᠪᠠᠶᠢᠨ᠎ᠠ᠃ 1981 ᠣᠨ ᠳᠤ ᠭᠤᠣᠯ ᠵᠠᠮ ᠳᠤ 12 ᠥᠨᠳᠥᠷ ᠬᠦᠴᠦᠳᠡᠯᠲᠦ ᠢᠣᠳ᠋ ᠸᠣᠯᠹᠷᠠᠮ ᠳ᠋ᠧᠩ ᠤᠭᠰᠠᠷᠠᠵᠤ᠂ 102 ᠰᠠᠭᠤᠷᠢ ᠮᠣᠳᠣ ᠳᠠᠷᠢᠭᠰᠠᠨ ᠪᠠᠶᠢᠨ᠎ᠠ᠃ 1990 ᠣᠨ ᠳᠤ 40300 ᠲᠡᠭᠰᠢ ᠳᠥᠷᠪᠡᠯᠵᠢᠨ ᠮᠧᠲᠷ ᠣᠷᠣᠨ ᠰᠠᠭᠤᠴᠠ ᠲᠠᠢ ᠪᠠᠶᠢᠪᠠ᠂ ᠬᠥᠮᠥᠨ ᠳᠤᠮᠳᠠᠴᠢ ᠶᠢᠨ ᠣᠷᠣᠨ ᠰᠠᠭᠤᠴᠠ ᠶᠢᠨ ᠲᠠᠯᠠᠪᠠᠢ ᠨᠢ 9.9 ᠲᠡᠭᠰᠢ ᠳᠥᠷᠪᠡᠯᠵᠢᠨ ᠮᠧᠲᠷ᠂ ᠣᠯᠠᠨ ᠨᠡᠶᠢᠲᠡ ᠶᠢᠨ ᠪᠠ ᠦᠢᠯᠡᠳᠪᠦᠷᠢᠯᠡᠯ ᠤᠨ ᠪᠠᠷᠢᠯᠭ᠎ᠠ ᠨᠢ 14000᠂ 19000 ᠲᠡᠭᠰᠢ ᠳᠥᠷᠪᠡᠯᠵᠢᠨ ᠮᠧᠲᠷ ᠪᠠᠶᠢᠵᠤ᠂ ᠪᠠᠯᠭᠠᠰᠤᠨ ᠤ ᠵᠠᠰᠠᠭ ᠤᠨ ᠣᠷᠳᠣᠨ ᠨᠢ ᠬᠤᠶᠠᠷ ᠳᠠᠪᠬᠤᠷ ᠠᠰᠠᠷ ᠲᠠᠢ᠃      ᠪᠦᠬᠦ ᠪᠠᠯᠭᠠᠰᠤ ᠨᠢ ᠠᠵᠤ ᠦᠢᠯᠡᠳᠪᠦᠷᠢ ᠶᠢᠨ ᠠᠵᠤ ᠠᠬᠤᠢ ᠭᠤᠣᠯᠯᠠᠵᠤ ᠡᠷᠬᠢᠯᠡᠳᠡᠭ᠂ ᠠᠵᠤ ᠦᠢᠯᠡᠳᠪᠦᠷᠢ ᠲᠠᠷᠢᠶᠠᠯᠠᠩ ᠤᠨ ᠦᠢᠯᠡᠳᠬᠦᠨ ᠤ ᠶᠡᠷᠦᠩᠬᠡᠢ ᠥᠷᠲᠡᠭ ᠤᠨ ᠳᠣᠲᠣᠷ᠎ᠠ᠂ ᠠᠵᠤ ᠦᠢᠯᠡᠳᠪᠦᠷᠢ ᠶᠢᠨ ᠦᠢᠯᠡᠳᠬᠦᠨ ᠤ ᠥᠷᠲᠡᠭ ᠨᠢ 1220 ᠲᠦᠮᠡᠨ ᠲᠥᠭᠦᠷᠢᠭ ᠪᠠᠶᠢᠳᠠᠭ᠂ ᠰᠢᠶᠠᠩ ᠪᠠᠯᠭᠠᠰᠤᠨ ᠤ ᠠᠵᠤ ᠠᠬᠤᠶᠢᠯᠠᠯ 84 ᠪᠤᠢ᠂ ᠪᠠᠯᠭᠠᠰᠤᠨ ᠳᠤ ᠠᠯᠲᠠᠨ ᠤ ᠠᠭᠤᠷᠬᠠᠢ᠂ ᠪᠠᠷᠢᠯᠭ᠎ᠠ ᠶᠢᠨ ᠺᠣᠮᠫᠠᠨᠢ ᠲᠠᠢ᠃ ᠤᠯᠤᠰ ᠠᠴᠠ ᠡᠵᠡᠩᠨᠡᠭᠰᠡᠨ ᠬᠤᠩ ᠬᠤᠸᠠ ᠭᠧᠦ ᠶᠢᠨ ᠠᠯᠲᠠᠨ ᠤ ᠠᠭᠤᠷᠬᠠᠢ ᠶᠢ 1954 ᠣᠨ ᠳᠤ ᠪᠠᠶᠢᠭᠤᠯᠵᠤ᠂ ᠡᠳᠦᠭᠡ 5 ᠬᠦᠳᠡᠷ ᠰᠣᠩᠭᠤᠬᠤ ᠲᠣᠭᠤᠷᠢᠭ ᠲᠠᠢ᠂ 1176 ᠠᠵᠢᠯᠴᠢᠨ ᠲᠠᠢ᠂ ᠠᠭᠤᠷᠬᠠᠢ ᠶᠢᠨ ᠳᠣᠲᠣᠷᠠᠬᠢ ᠲᠦᠭᠡᠭᠡᠯ ᠤᠰᠤᠨ ᠤ ᠪᠠᠷᠢᠯᠭ᠎ᠠ ᠨᠢ ᠠᠵᠢᠯᠴᠢᠨ ᠵᠢᠴᠢ ᠪᠠᠯᠭᠠᠰᠤᠨ ᠤ ᠠᠷᠠᠳ ᠤᠨ ᠤᠰᠤ ᠤᠮᠳᠠ ᠶᠢ ᠬᠠᠩᠭᠠᠳᠠᠭ᠃ ᠠᠯᠲᠠᠨ ᠤ ᠠᠭᠤᠷᠬᠠᠢ ᠨᠢ ᠤᠯᠤᠰ ᠤᠨ ᠬᠤᠶᠠᠳᠤᠭᠠᠷ ᠳᠡᠰ ᠤᠨ ᠠᠵᠤ ᠠᠬᠤᠶᠢᠯᠠᠯ ᠪᠠᠶᠢᠵᠤ᠂ ᠵᠢᠯ ᠳᠤ ᠨᠢᠭᠡ ᠲᠣᠨ ᠠᠯᠲᠠ ᠭᠠᠷᠳᠠᠭ᠃      ᠪᠠᠯᠭᠠᠰᠤᠨ ᠲᠣᠭᠤᠷᠢᠭ ᠲᠤ ᠴᠤᠭᠯᠠᠭ᠎ᠠ ᠵᠠᠬ᠎ᠠ ᠲᠠᠢ᠂ 1984 ᠣᠨ ᠳᠤ ᠪᠠᠶᠢᠭᠤᠯᠵᠤ᠂ 2᠂ 5᠂ 8 ᠤ ᠡᠳᠦᠷ ᠴᠤᠭᠯᠠᠭ᠎ᠠ ᠮᠠᠶᠢᠮᠠᠢ ᠡᠷᠬᠢᠯᠡᠳᠡᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ