ᠮᠤᠬᠤᠷ ᠭᠤᠣᠯ ᠪᠠᠯᠭᠠᠰᠤ
ᠨᠡᠶᠢᠲᠡᠯᠡᠭᠰᠡᠨ ᠴᠠᠭ᠄
2023/12/13
      ᠶᠤᠸᠠᠨ ᠪᠣᠣ ᠱᠠᠨ ᠲᠣᠭᠤᠷᠢᠭ ᠤᠨ ᠵᠠᠰᠠᠭ ᠤᠨ ᠣᠷᠳᠣᠨ ᠤ ᠪᠠᠶᠢᠭ᠎ᠠ ᠭᠠᠵᠠᠷ ᠠᠴᠠ 22 ᠺᠢᠯᠣᠮᠧᠲᠷ ᠵᠠᠶᠢᠲᠠᠢ ᠪᠤᠢ᠂ ᠶᠧ ᡂᠢ ᠲᠡᠮᠦᠷ ᠵᠠᠮ ᠪᠣᠯᠣᠨ ᡂᠢ ᠎ ᠶᠢᠨ ᠵᠠᠰᠠᠮᠠᠯ ᠵᠠᠮ ᠤᠨ ᠱᠤᠭᠤᠮ ᠳᠡᠭᠡᠷ᠎ᠡ ᠪᠤᠢ᠃ ᠤᠷᠢᠳ ᠬᠤᠵᠢᠳ ᠬᠠᠷᠠᠴᠢᠨ ᠪᠠᠷᠠᠭᠤᠨ ᠬᠤᠰᠢᠭᠤ᠂ ᠵᠢᠶᠠᠨᠫᠢᠩ ᠰᠢᠶᠠᠨ᠂ ᠤᠯᠠᠭᠠᠨᠬᠠᠳᠠ ᠬᠤᠲᠠ᠂ ᠶᠤᠸᠠᠨ ᠪᠣᠣ ᠱᠠᠨ ᠲᠣᠭᠤᠷᠢᠭ ᠲᠤ ᠬᠠᠷᠢᠶᠠᠯᠠᠭᠳᠠᠵᠤ᠂ 1987 ᠣᠨ ᠤ 7 ᠰᠠᠷ᠎ᠠ ᠳᠤ ᠮᠤᠬᠤᠷ ᠭᠤᠣᠯ ᠪᠠᠯᠭᠠᠰᠤ ᠶᠢ ᠪᠠᠶᠢᠭᠤᠯᠤᠭᠰᠠᠨ ᠪᠠᠶᠢᠨ᠎ᠠ᠃ ᠬᠠᠷᠢᠶᠠᠨ ᠳᠤ ᠨᠢ 4 ᠲᠣᠰᠬᠤᠨ᠂ 15 ᠠᠶᠢᠯ᠂ 41 ᠳᠤᠭᠤᠶᠢᠯᠠᠩ᠂ 2723 ᠡᠷᠦᠬᠡ 11107 ᠬᠥᠮᠥᠨ ᠠᠮᠠ ᠲᠠᠢ᠃ ᠡᠭᠦᠨ ᠳᠤ ᠬᠢᠲᠠᠳ ᠦᠨᠳᠦᠰᠦᠲᠡᠨ 10107 ᠬᠥᠮᠥᠨ᠂ ᠮᠣᠩᠭᠤᠯ ᠦᠨᠳᠦᠰᠦᠲᠡᠨ ᠵᠡᠷᠭᠡ 1000 ᠬᠥᠮᠥᠨ ᠪᠤᠢ᠃      ᠪᠠᠯᠭᠠᠰᠤᠨ ᠲᠣᠭᠤᠷᠢᠭ ᠲᠤ ᠵᠡᠭᠦᠨᠰᠢ ᠪᠠᠷᠠᠭᠤᠨᠰᠢ᠂ ᠡᠮᠦᠨᠡᠰᠢ ᠤᠮᠠᠷᠠᠰᠢ ᠲᠤᠰᠪᠦᠷᠢ 2 ᠵᠤᠷᠪᠤᠰ ᠵᠠᠮ ᠲᠠᠢ᠂ ᠭᠤᠣᠯ ᠵᠠᠮ ᠨᠢ ᠵᠡᠭᠦᠨᠰᠢ ᠪᠠᠷᠠᠭᠤᠨᠰᠢ ᠴᠢᠭᠯᠡᠯ ᠲᠠᠢ᠂ ᠤᠷᠲᠤ ᠨᠢ 600 ᠮᠧᠲᠷ᠂ 1975 ᠣᠨ ᠳᠤ ᠲᠣᠰᠣᠨ ᠵᠠᠮ ᠳᠡᠪᠢᠰᠴᠦ᠂ 1990 ᠣᠨ ᠳᠤ 2 ᠮᠧᠲᠷ ᠤᠨ ᠼᠧᠮᠧᠨ᠋ᠲ ᠵᠠᠮ ᠪᠠ ᠶᠠᠪᠠᠭᠠᠨ ᠵᠠᠮ ᠵᠠᠰᠠᠭᠰᠠᠨ ᠪᠠᠶᠢᠨ᠎ᠠ᠃ ᠡᠮᠦᠨᠡᠰᠢ ᠤᠮᠠᠷᠠᠰᠢ ᠴᠢᠭᠯᠡᠯ ᠲᠠᠢ ᠭᠤᠣᠯ ᠵᠠᠮ ᠨᠢ 1550 ᠮᠧᠲᠷ᠃ ᠬᠤᠶᠠᠷ ᠵᠤᠷᠪᠤᠰ ᠳᠡᠳ᠋ ᠵᠠᠮ ᠨᠢ 1700 ᠮᠧᠲᠷ᠃ 1990 ᠣᠨ ᠳᠤ ᠴᠢᠯᠠᠭᠤ ᠪᠠᠷ ᠵᠡᠷᠭᠡᠯᠡᠭᠰᠡᠨ ᠤᠰᠤ ᠭᠠᠳᠠᠭᠰᠢᠯᠠᠭᠤᠯᠬᠤ ᠰᠤᠪᠠᠭ 550 ᠮᠧᠲᠷ ᠵᠠᠰᠠᠭᠰᠠᠨ ᠪᠠᠶᠢᠨ᠎ᠠ᠂ ᠵᠠᠮ ᠳᠠᠭᠠᠤ ᠨᠠᠷᠠᠰᠤ᠂ ᠤᠨᠵᠢᠭᠢᠷ ᠤᠳᠠ 196 ᠰᠠᠭᠤᠷᠢ ᠲᠠᠷᠢᠵᠤ᠂ ᠦᠯᠡᠳᠡᠭᠰᠡᠨ ᠢ ᠨᠢ ᠤᠯᠢᠶᠠᠰᠤᠨ ᠮᠣᠳᠣ ᠲᠠᠷᠢᠵᠠᠢ᠃ 1988 ᠣᠨ ᠳᠤ ᠮᠥᠩᠭᠦᠨ ᠤᠰᠤᠨ ᠳ᠋ᠧᠩ 9 ᠰᠠᠭᠤᠷᠢ ᠤᠭᠰᠠᠷᠠᠭᠰᠠᠨ ᠪᠠᠶᠢᠨ᠎ᠠ᠃ 1990 ᠣᠨ ᠳᠤ ᠼᠧᠮᠧᠨ᠋ᠲ ᠬᠠᠪᠲᠠᠰᠤᠲᠤ ᠬᠥᠭᠦᠷᠭᠡ 1 ᠪᠠᠶᠢᠭᠤᠯᠵᠠᠢ᠂ 4×15 ᠮᠧᠲᠷ ᠪᠤᠢ᠃ ᠨᠡᠶᠢᠲᠡ ᠶᠢᠨ ᠵᠣᠷᠯᠣᠩ 4 ᠪᠠᠶᠢᠭᠤᠯᠪᠠ᠃ 1984 ᠣᠨ ᠳᠤ ᠲᠦᠭᠡᠭᠡᠯ ᠤᠰᠤᠨ ᠤ ᠢᠨᠵᠧᠨᠧᠷᠢᠩ ᠪᠠᠶᠢᠭᠤᠯᠵᠤ᠂ 2650 ᠮᠧᠲᠷ ᠬᠤᠭᠤᠯᠠᠢ ᠤᠭᠰᠠᠷᠠᠭᠰᠠᠨ ᠪᠠᠶᠢᠨ᠎ᠠ᠂ ᠭᠠᠯᠲᠤ ᠲᠡᠷᠭᠡᠨ ᠥᠷᠲᠡᠭᠡᠨ ᠤ ᠰᠡᠯᠡᠭᠦᠦ ᠤᠰᠤᠨ ᠰᠤᠪᠤᠷᠭ᠎ᠠ ᠶᠢ ᠠᠰᠢᠭᠯᠠᠨ᠂ ᠡᠳᠦᠷ ᠪᠦᠷᠢ 400 ᠲᠣᠨ ᠤᠰᠤ ᠬᠠᠩᠭᠠᠵᠤ᠂ ᠪᠠᠯᠭᠠᠰᠤᠨ ᠤ 3706 ᠬᠥᠮᠥᠨ ᠠᠰᠢᠭ ᠲᠤᠰᠠ ᠬᠦᠷᠲᠡᠭᠰᠡᠨ ᠪᠠᠶᠢᠨ᠎ᠠ᠃      ᠡᠳᠦᠭᠡ ᠣᠷᠣᠨ ᠰᠠᠭᠤᠴᠠ 17400 ᠲᠡᠭᠰᠢ ᠳᠥᠷᠪᠡᠯᠵᠢᠨ ᠮᠧᠲᠷ ᠪᠣᠢ᠂ ᠬᠥᠮᠥᠨ ᠳᠤᠮᠳᠠᠴᠢ ᠶᠢᠨ ᠣᠷᠣᠨ ᠰᠠᠭᠤᠴᠠ ᠶᠢᠨ ᠲᠠᠯᠠᠪᠠᠢ ᠨᠢ 15 ᠲᠡᠭᠰᠢ ᠳᠥᠷᠪᠡᠯᠵᠢᠨ ᠮᠧᠲᠷ ᠬᠦᠷᠦᠭᠰᠡᠨ ᠪᠠᠶᠢᠨ᠎ᠠ᠃ ᠣᠯᠠᠨ ᠨᠡᠶᠢᠲᠡ ᠶᠢᠨ ᠪᠠ ᠦᠢᠯᠡᠳᠪᠦᠷᠢᠯᠡᠯ ᠤᠨ ᠪᠠᠷᠢᠯᠭ᠎ᠠ ᠲᠤᠰ ᠲᠤᠰ 46300᠂ 26700 ᠲᠡᠭᠰᠢ ᠳᠥᠷᠪᠡᠯᠵᠢᠨ ᠮᠧᠲᠷ ᠪᠣᠢ᠂ ᠭᠤᠷᠪᠠᠨ ᠤ ᠨᠢᠭᠡ ᠨᠢ ᠬᠤᠯᠢᠮᠠᠭ ᠪᠦᠲᠦᠴᠡ ᠲᠠᠢ᠃      ᠠᠵᠤ ᠠᠬᠤᠢ ᠨᠢ ᠲᠠᠷᠢᠶᠠᠯᠠᠩ ᠢᠶᠠᠷ ᠭᠤᠣᠯᠯᠠᠵᠤ ᠪᠤᠢ᠂ ᠰᠢᠶᠠᠩ ᠪᠠᠯᠭᠠᠰᠤᠨ ᠤ ᠠᠵᠤ ᠠᠬᠤᠶᠢᠯᠠᠯ 305 ᠪᠠᠶᠢᠵᠤ᠂ ᠲᠤᠬᠠᠶᠢᠯᠠᠭᠰᠠᠨ ᠠᠵᠢᠯᠲᠠᠨ 1746 ᠬᠥᠮᠥᠨ ᠪᠤᠢ᠂ ᠤᠯᠠᠭᠠᠨᠬᠠᠳᠠ ᠶᠢᠨ ᠬᠤᠶᠠᠳᠤᠭᠠᠷ ᠼᠧᠮᠧᠨ᠋ᠲ ᠤᠨ ᠦᠢᠯᠡᠳᠪᠦᠷᠢ᠂ ᠨᠣᠣᠰᠣᠨ ᠤ ᠦᠢᠯᠡᠳᠪᠦᠷᠢ᠂ ᠪᠠᠷᠢᠯᠭ᠎ᠠ ᠶᠢᠨ ᠺᠣᠮᠫᠠᠨᠢ᠂ ᠲᠣᠭᠤᠰᠬ᠎ᠠ ᠶᠢᠨ ᠦᠢᠯᠡᠳᠪᠦᠷᠢ ᠨᠢ ᠨᠡᠷᠡᠲᠦ ᠠᠵᠤ ᠠᠬᠤᠶᠢᠯᠠᠯ ᠪᠣᠯᠤᠭᠰᠠᠨ ᠪᠠᠶᠢᠨ᠎ᠠ᠃ ᠲᠠᠷᠢᠶᠠᠯᠠᠩ ᠤᠨ ᠠᠷᠠᠯᠵᠢᠶ᠎ᠠ ᠶᠢᠨ ᠵᠠᠬ᠎ᠠ ᠳᠡᠯᠭᠡᠭᠦᠷ ᠨᠡᠯᠢᠶᠡᠳ ᠬᠥᠭᠵᠢᠵᠦ᠂ 51 ᠮᠦ ᠲᠠᠯᠠᠪᠠᠢ ᠎ ᠲᠠᠢ᠂ 1990 ᠣᠨ ᠤ ᠠᠷᠠᠯᠵᠢᠶ᠎ᠠ ᠶᠢᠨ ᠬᠡᠮᠵᠢᠶ᠎ᠡ ᠨᠢ 181 ᠲᠦᠮᠡᠨ ᠲᠥᠭᠦᠷᠢᠭ ᠬᠦᠷᠦᠭᠰᠡᠨ ᠪᠠᠶᠢᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ