| ᠶᠤᠸᠠᠨ ᠪᠣᠣ ᠱᠠᠨ ᠲᠣᠭᠤᠷᠢᠭ ᠤᠨ ᠵᠠᠰᠠᠭ ᠤᠨ ᠣᠷᠳᠣᠨ ᠤ ᠪᠠᠶᠢᠭ᠎ᠠ ᠭᠠᠵᠠᠷ ᠠᠴᠠ ᠤᠮᠠᠷᠠᠰᠢ 2 ᠺᠢᠯᠣᠮᠧᠲᠷ ᠵᠠᠶᠢᠲᠠᠢ ᠪᠤᠢ᠂ ᠫᠢᠩᠵᠤᠸᠠᠩ ᠠᠴᠠ 35 | ᠺᠢᠯᠣᠮᠧᠲᠷ ᠵᠠᠶᠢᠲᠠᠢ᠂ ᠴᠢᠩ ᠤᠯᠤᠰ ᠤᠨ ᠲᠡᠭᠷᠢ ᠲᠡᠳᠬᠦᠭᠴᠢ ᠶᠢᠨ ᠦᠶ᠎ᠡ ᠳᠤ ᠲᠣᠰᠬᠤᠨ ᠪᠠᠶᠢᠵᠤ᠂ ᠲᠣᠰᠬᠤᠨ ᠤ ᠪᠠᠷᠠᠭᠤᠨᠳᠡᠬᠢ ᠶᠤᠸᠠᠨ ᠪᠣᠣ ᠱᠠᠨ ᠨᠡᠭᠦᠷᠡᠰᠦᠨ | ᠠᠭᠤᠷᠬᠠᠢ ᠶᠢ ᠨᠡᠭᠡᠭᠡᠭᠰᠡᠨ ᠠᠴᠠ ᠪᠠᠭ᠎ᠠ ᠲᠣᠰᠬᠤᠨ ᠨᠢ ᠡᠳᠦᠷ ᠢᠷᠡᠬᠦᠶ᠎ᠡ ᠬᠥᠭᠵᠢᠭᠰᠡᠨ ᠪᠠᠶᠢᠨ᠎ᠠ᠃ 1984 ᠣᠨ ᠳᠤ ᠪᠠᠯᠭᠠᠰᠤ ᠪᠠᠶᠢᠭᠤᠯᠤᠭᠰᠠᠨ ᠪᠠᠶᠢᠨ᠎ᠠ᠃ | ᠬᠠᠷᠢᠶᠠᠨ ᠳᠤ ᠨᠢ 6 ᠲᠣᠰᠬᠤᠨ᠂ 1 ᠰᠠᠭᠤᠭᠠᠯᠢ ᠠᠷᠠᠳ ᠤᠨ ᠵᠥᠪᠯᠡᠯ᠂ 34 ᠠᠶᠢᠯ᠂ 51 ᠳᠤᠭᠤᠶᠢᠯᠠᠩ᠂ 5345 ᠡᠷᠦᠬᠡ᠂ 20308 ᠬᠥᠮᠥᠨ ᠠᠮᠠ ᠲᠠᠢ᠂ | ᠲᠠᠷᠢᠶᠠᠯᠠᠩ ᠤᠨ ᠪᠤᠰᠤ ᠬᠥᠮᠥᠨ ᠠᠮᠠ 3025 ᠬᠦᠷᠴᠦ᠂ ᠬᠥᠮᠥᠨ ᠠᠮᠠ ᠶᠢᠨ ᠳᠤᠮᠳᠠ ᠬᠢᠲᠠᠳ ᠦᠨᠳᠦᠰᠦᠲᠡᠨ 19589 ᠬᠥᠮᠥᠨ᠂ ᠮᠣᠩᠭᠤᠯ ᠵᠡᠷᠭᠡ ᠴᠥᠭᠡᠨ | ᠲᠣᠭᠠᠲᠤ ᠦᠨᠳᠦᠰᠦᠲᠡᠨ 719 ᠬᠥᠮᠥᠨ ᠪᠤᠢ᠃ | ᠥᠩᠭᠡᠷᠡᠭᠰᠡᠨ ᠳᠤ ᠵᠡᠭᠡᠯᠢ ᠭᠤᠳᠤᠮᠵᠢ ᠨᠢ ᠢᠪᠴᠤᠤ ᠮᠥᠷᠲᠡᠭᠡᠨ ᠡᠮᠬᠢ ᠴᠡᠭᠴᠡ ᠦᠭᠡᠢ ᠪᠠᠶᠢᠵᠤ᠂ ᠭᠡᠷ ᠪᠠᠶᠢᠰᠢᠩ ᠨᠢ ᠪᠣᠭᠤᠨᠢ ᠨᠠᠪᠲᠠᠭᠠᠷ ᠪᠠᠶᠢᠪᠠ᠃ 1984 | ᠣᠨ ᠳᠤ ᠬᠤᠶᠠᠷ ᠵᠢᠷᠤᠭ ᠨᠢᠭᠡ ᠪᠢᠴᠢᠭ ᠤᠨ ᠲᠥᠯᠦᠪᠵᠢᠭᠦᠯᠭᠡ ᠲᠣᠭᠲᠠᠭᠠᠵᠤ᠂ 1986 ᠣᠨ ᠤ 9 ᠰᠠᠷ᠎ᠠ ᠳᠤ ᠡᠯ᠎ᠡ ᠬᠤᠰᠢᠭᠤ ᠰᠢᠶᠠᠨ ᠤ ᠲᠣᠰᠬᠤᠨ | ᠪᠠᠯᠭᠠᠰᠤ ᠶᠢᠨ ᠰᠠᠯᠠᠭ᠎ᠠ ᠶᠢᠨ ᠠᠵᠢᠯᠲᠠᠨ ᠬᠠᠮᠵᠢᠯᠴᠠᠨ ᠲᠥᠯᠦᠪᠵᠢᠭᠦᠯᠭᠡ ᠶᠢ ᠲᠡᠭᠦᠯᠳᠡᠷᠵᠢᠭᠦᠯᠵᠦ᠂ ᠴᠤᠭᠯᠠᠭ᠎ᠠ ᠪᠠᠯᠭᠠᠰᠤ ᠶᠢᠨ ᠰᠢᠨᠵᠢ ᠴᠢᠨᠠᠷ ᠢ ︽ᠪᠠᠯᠭᠠᠰᠤᠨ ᠤ | ᠬᠡᠪᠴᠢᠶᠡᠨ ᠳᠠᠬᠢ ᠤᠯᠤᠰ ᠲᠥᠷᠥ᠂ ᠠᠵᠤ ᠠᠬᠤᠢ᠂ ᠰᠣᠶᠣᠯ᠂ ᠰᠢᠨᠵᠢᠯᠡᠬᠦ ᠤᠬᠠᠭᠠᠨ ᠮᠡᠷᠭᠡᠵᠢᠯ ᠪᠣᠯᠣᠨ ᠴᠢᠮᠡᠭᠡ ᠵᠠᠩᠭᠢ ᠶᠢᠨ ᠦᠢᠯᠡᠴᠢᠯᠡᠭᠡᠨ ᠤ ᠲᠥᠪ᠂ ᠠᠵᠤ | ᠦᠢᠯᠡᠳᠪᠦᠷᠢ ᠠᠭᠤᠷᠬᠠᠢ ᠳᠤ ᠬᠠᠨᠳᠤᠵᠤ᠂ ᠲᠠᠷᠢᠶᠠᠯᠠᠩ ᠠᠵᠤ ᠦᠢᠯᠡᠳᠪᠦᠷᠢ ᠬᠤᠳᠠᠯᠳᠤᠭ᠎ᠠ ᠲᠡᠭᠡᠭᠡᠪᠦᠷᠢ ᠶᠢ ᠪᠦᠬᠦ ᠲᠠᠯ᠎ᠠ ᠪᠠᠷ ᠬᠥᠭᠵᠢᠭᠦᠯᠬᠦ ᠶᠢᠨ ᠲᠥᠯᠥᠭᠡ | ᠦᠢᠯᠡᠴᠢᠯᠡᠬᠦ ᠬᠡᠯᠪᠡᠷᠢ ᠶᠢᠨ ᠴᠤᠭᠯᠠᠭ᠎ᠠ ᠪᠠᠯᠭᠠᠰᠤ︾ ᠬᠡᠮᠡᠨ ᠲᠣᠭᠲᠠᠭᠠᠭᠰᠠᠨ ᠪᠠᠶᠢᠨ᠎ᠠ᠃ 4 ᠵᠡᠭᠡᠯᠢ 6 ᠵᠠᠮ ᠢᠶᠠᠷ ᠰᠢᠲᠠᠷ᠎ᠠ ᠶᠢᠨ ᠬᠥᠯᠭᠡ ᠶᠢᠨ ᠬᠡᠯᠪᠡᠷᠢ ᠲᠠᠢ | ᠪᠠᠶᠢᠷᠢᠯᠠᠭᠤᠯᠵᠠᠢ᠃ ᠣᠳᠣ ᠶᠢᠨ ᠴᠠᠬᠢᠯᠭᠠᠨ ᠤ ᠦᠢᠯᠡᠳᠪᠦᠷᠢ ᠶᠢᠨ ᠵᠠᠮ ᠨᠢ ᠡᠮᠦᠨᠡᠰᠢ ᠤᠮᠠᠷᠠᠰᠢ ᠴᠢᠭᠯᠡᠯ ᠲᠠᠢ᠂ ᠤᠷᠲᠤ ᠨᠢ 1500 ᠮᠧᠲᠷ᠂ ᠥᠷᠭᠡᠨ ᠨᠢ 10 ᠮᠧᠲᠷ᠂ | ᠵᠢᠶᠠᠨ ᠴᠠᠩ ᠶᠢᠩ ᠵᠡᠭᠦᠨ ᠵᠠᠮ ᠨᠢ ᠵᠡᠭᠦᠨᠰᠢ ᠪᠠᠷᠠᠭᠤᠨᠰᠢ ᠴᠢᠭᠯᠡᠯ ᠲᠠᠢ᠂ ᠤᠷᠲᠤ ᠨᠢ 2000 ᠮᠧᠲᠷ᠂ ᠰᠧ ᠾᠧ ᠵᠠᠮ ᠤᠨ ᠤᠷᠲᠤ ᠨᠢ 3500 ᠮᠧᠲᠷ᠃ 1990 | ᠣᠨ ᠤ ᠡᠴᠦᠰ ᠪᠣᠯᠬᠤ ᠳᠤ ᠨᠢᠭᠡᠨᠲᠡ 4 ᠵᠤᠷᠪᠤᠰ ᠼᠧᠮᠧᠨ᠋ᠲ ᠵᠠᠮ ᠳᠡᠪᠢᠰᠦᠭᠰᠡᠨ ᠪᠠᠶᠢᠨ᠎ᠠ᠂ ᠤᠷᠲᠤ ᠨᠢ 2700 ᠮᠧᠲᠷ᠂ ᠲᠠᠯᠠᠪᠠᠢ ᠨᠢ 25100 ᠲᠡᠭᠰᠢ | ᠳᠥᠷᠪᠡᠯᠵᠢᠨ ᠮᠧᠲᠷ᠃ ᠡᠯ᠎ᠡ ᠲᠣᠰᠬᠤᠨ ᠳᠤ ᠨᠡᠪᠲᠡᠷᠡᠬᠦ ᠵᠠᠮ ᠢ ᠨᠢᠭᠡᠨᠲᠡ ᠪᠦᠬᠦᠨ ᠢ ᠵᠠᠰᠠᠭᠰᠠᠨ ᠪᠠᠶᠢᠨ᠎ᠠ᠂ ᠤᠷᠲᠤ ᠨᠢ 70 ᠺᠢᠯᠣᠮᠧᠲᠷ᠃ ᠭᠤᠣᠯ ᠵᠠᠮ ᠳᠠᠭᠠᠤ | ᠨᠠᠷᠠᠰᠤ ᠮᠠᠶᠢᠯᠠᠰᠤ᠂ ᠬᠤᠩᠭᠤᠷᠴᠠᠭᠲᠤ ᠮᠣᠳᠣ᠂ ᠥᠷᠭᠡᠰᠦᠲᠦ ᠠᠷᠴᠠ᠂ ᠪᠠᠲᠤᠴᠠᠭᠠᠨ᠂ ᠮᠤᠰᠬᠢᠷᠠᠮᠠᠯ ᠬᠤᠩᠭᠤᠷᠴᠠᠭᠲᠤ ᠮᠣᠳᠣ᠂ ᠤᠯᠢᠶᠠᠰᠤ ᠪᠠ ᠴᠡᠴᠡᠭᠲᠦ ᠪᠤᠲᠠ ᠮᠣᠳᠣ | 1673 ᠰᠠᠭᠤᠷᠢ ᠳᠠᠷᠢᠭᠰᠠᠨ ᠪᠠᠶᠢᠨ᠎ᠠ᠃ ᠵᠠᠰᠠᠭ ᠤᠨ ᠣᠷᠳᠣᠨ ᠤ ᠠᠯᠪᠠᠨ ᠠᠰᠠᠷ᠂ ᠳᠤᠮᠳᠠᠳᠤ ᠰᠤᠷᠭᠠᠭᠤᠯᠢ ᠶᠢᠨ ᠠᠰᠠᠷ᠂ ᠺᠢᠨᠣ᠋ ᠲᠢᠶᠠᠲᠷ ᠤᠨ ᠣᠷᠳᠣᠨ᠂ | ᠲᠠᠷᠢᠶᠠᠴᠢᠳ ᠤᠨ ᠡᠮᠨᠡᠯᠭᠡ ᠶᠢᠨ ᠬᠤᠷᠢᠶ᠎ᠠ᠂ ᠰᠣᠶᠣᠯ ᠤᠨ ᠲᠥᠪ ᠵᠡᠷᠭᠡ ᠠᠰᠠᠷ 11 ᠰᠠᠭᠤᠷᠢ᠂ 3 ᠲᠦᠮᠡ ᠭᠠᠷᠤᠢ ᠲᠡᠭᠰᠢ ᠳᠥᠷᠪᠡᠯᠵᠢᠨ ᠮᠧᠲᠷ ᠪᠠᠶᠢᠭᠤᠯᠤᠭᠰᠠᠨ | ᠪᠠᠶᠢᠨ᠎ᠠ᠃ 16 ᠠᠵᠢᠯᠴᠢᠨ ᠪᠦᠬᠦᠢ ᠲᠤᠰᠬᠠᠢ ᠴᠡᠪᠡᠷᠯᠡᠬᠦ ᠠᠩᠭᠢ ᠲᠠᠢ᠂ ᠬᠤᠭ ᠵᠥᠭᠡᠭᠡᠬᠦ ᠲᠷᠠᠺᠲ᠋ᠣᠷ 1 ᠪᠤᠢ᠂ ᠨᠡᠶᠢᠲᠡ ᠶᠢᠨ ᠵᠣᠷᠯᠣᠩ 3 ᠪᠠᠶᠢᠭᠤᠯᠵᠠᠢ᠂ ᠲᠣᠭᠲᠠᠮᠠᠯ | ᠬᠤᠭᠤᠴᠠᠭ᠎ᠠ ᠲᠠᠢ ᠴᠡᠪᠡᠷᠯᠡᠳᠡᠭ᠃ | ᠴᠢᠯᠦᠭᠡᠯᠡᠭᠳᠡᠬᠦ ᠠᠴᠠ ᠡᠮᠦᠨ᠎ᠡ ᠲᠠᠷᠢᠶᠠᠴᠢᠳ ᠤᠨ ᠣᠷᠣᠨ ᠰᠠᠭᠤᠴᠠ 1.6 ᠲᠦᠮᠡᠨ ᠲᠡᠭᠰᠢ ᠳᠥᠷᠪᠡᠯᠵᠢᠨ ᠮᠧᠲᠷ ᠪᠠᠶᠢᠭᠰᠠᠨ ᠪᠣᠯᠪᠠᠴᠤ᠂ 95% ᠨᠢ ᠰᠢᠪᠠᠷ | ᠪᠠᠶᠢᠰᠢᠩ ᠪᠠᠶᠢᠪᠠ᠂ 1990 ᠣᠨ ᠤ ᠡᠴᠦᠰ ᠪᠣᠯᠬᠤ ᠳᠤ ᠣᠷᠣᠨ ᠰᠠᠭᠤᠴᠠ 221100 ᠲᠡᠭᠰᠢ ᠳᠥᠷᠪᠡᠯᠵᠢᠨ ᠮᠧᠲᠷ ᠪᠠᠶᠢᠵᠤ᠂ ᠬᠥᠮᠥᠨ ᠳᠤᠮᠳᠠᠴᠢ ᠶᠢᠨ ᠣᠷᠣᠨ | ᠰᠠᠭᠤᠴᠠ ᠶᠢᠨ ᠲᠠᠯᠠᠪᠠᠢ ᠨᠢ 16 ᠲᠡᠭᠰᠢ ᠳᠥᠷᠪᠡᠯᠵᠢᠨ ᠮᠧᠲᠷ ᠬᠦᠷᠴᠦ᠂ ᠣᠯᠠᠩᠬᠢ ᠨᠢ ᠲᠣᠭᠤᠰᠬ᠎ᠠ ᠮᠣᠳᠣ᠂ ᠲᠣᠭᠤᠰᠬ᠎ᠠ ᠪᠧᠲ᠋ᠣᠨ ᠪᠦᠲᠦᠴᠡ ᠲᠠᠢ ᠪᠠᠶᠢᠪᠠ᠃ | ᠣᠯᠠᠨ ᠨᠡᠶᠢᠲᠡ ᠶᠢᠨ ᠪᠠᠷᠢᠯᠭ᠎ᠠ 124300 ᠲᠡᠭᠰᠢ ᠳᠥᠷᠪᠡᠯᠵᠢᠨ ᠮᠧᠲᠷ᠂ ᠦᠢᠯᠡᠳᠪᠦᠷᠢᠯᠡᠯ ᠤᠨ ᠪᠠᠷᠢᠯᠭ᠎ᠠ 165000 ᠲᠡᠭᠰᠢ ᠳᠥᠷᠪᠡᠯᠵᠢᠨ ᠮᠧᠲᠷ ᠪᠠᠶᠢᠪᠠ᠃ | ᠴᠥᠮ ᠲᠣᠭᠤᠰᠬ᠎ᠠ᠂ ᠪᠧᠲ᠋ᠣᠨ ᠪᠦᠲᠦᠴᠡ ᠲᠠᠢ᠃ | 1990 ᠣᠨ ᠪᠣᠯᠬᠤ ᠳᠤ ᠪᠠᠯᠭᠠᠰᠤᠨ ᠳᠤ 5 ᠲᠣᠰᠬᠤᠨ᠂ 1 ᠰᠠᠭᠤᠭᠠᠯᠢ ᠠᠷᠠᠳ ᠤᠨ ᠵᠥᠪᠯᠡᠯ ᠲᠠᠢ ᠪᠠᠶᠢᠵᠤ᠂ 87% ᠶᠢᠨ ᠬᠥᠮᠥᠨ ᠠᠮᠠ ᠨᠢ ᠲᠦᠭᠡᠭᠡᠯ | ᠤᠰᠤ ᠬᠡᠷᠡᠭᠯᠡᠭᠰᠡᠨ ᠪᠠᠶᠢᠨ᠎ᠠ᠃ ᠤᠰᠤ ᠳᠠᠮᠵᠢᠭᠤᠯᠬᠤ ᠬᠤᠭᠤᠯᠠᠢ ᠶᠢᠨ ᠤᠷᠲᠤ ᠨᠢ 12.4 ᠺᠢᠯᠣᠮᠧᠲᠷ᠃ | ᠬᠡᠳᠦᠨ ᠵᠢᠯ ᠤᠨ ᠲᠤᠷᠰᠢ ᠡᠯ᠎ᠡ ᠱᠠᠲᠤᠨ ᠤ ᠵᠠᠰᠠᠭ ᠤᠨ ᠣᠷᠳᠣᠨ ᠪᠣᠯᠣᠨ ᠲᠣᠰᠬᠤᠨ ᠤ ᠠᠷᠠᠳ ᠤᠨ ᠵᠥᠪᠯᠡᠯ ᠨᠢ ᠴᠤᠭᠯᠠᠭ᠎ᠠ ᠪᠠᠯᠭᠠᠰᠤ ᠶᠢᠨ ᠪᠦᠲᠦᠭᠡᠨ | ᠪᠠᠶᠢᠭᠤᠯᠤᠯᠲᠠ ᠳᠤ 1138.8 ᠲᠦᠮᠡᠨ ᠲᠥᠭᠦᠷᠢᠭ ᠤᠨ ᠪᠡᠯᠡ ᠵᠠᠷᠤᠴᠠᠭᠤᠯᠵᠤ᠂ ᠲᠣᠰᠬᠤᠨ ᠪᠠᠯᠭᠠᠰᠤ ᠶᠢᠨ ᠥᠪᠡᠷᠲᠡᠭᠡᠨ ᠴᠤᠭᠯᠠᠭᠤᠯᠤᠭᠰᠠᠨ ᠨᠢ 93.8% ᠶᠢ | ᠡᠵᠡᠯᠡᠭᠰᠡᠨ ᠪᠠᠶᠢᠨ᠎ᠠ᠃ | 1990 ᠣᠨ ᠤ ᠪᠦᠬᠦ ᠪᠠᠯᠭᠠᠰᠤ ᠶᠢᠨ ᠨᠡᠶᠢᠭᠡᠮ ᠤᠨ ᠦᠢᠯᠡᠳᠬᠦᠨ ᠤ ᠶᠡᠷᠦᠩᠬᠡᠢ ᠥᠷᠲᠡᠭ ᠨᠢ 9193 ᠲᠦᠮᠡᠨ ᠲᠥᠭᠦᠷᠢᠭ᠂ ᠡᠭᠦᠨ ᠳᠤ ᠲᠠᠷᠢᠶᠠᠯᠠᠩ ᠤᠨ | 1928 ᠲᠥᠮᠡᠨ ᠲᠥᠭᠦᠷᠢᠭ᠂ ᠠᠵᠤ ᠦᠢᠯᠡᠳᠪᠦᠷᠢ ᠶᠢᠨ 4876 ᠲᠦᠮᠡᠨ ᠲᠥᠭᠦᠷᠢᠭ᠂ ᠬᠥᠮᠥᠨ ᠳᠤᠮᠳᠠᠴᠢ ᠶᠢᠨ ᠴᠡᠪᠡᠷ ᠣᠷᠣᠯᠭ᠎ᠠ ᠨᠢ 1003 ᠲᠥᠭᠦᠷᠢᠭ | ᠬᠦᠷᠦᠭᠰᠡᠨ ᠪᠠᠶᠢᠨ᠎ᠠ᠂ ᠪᠠᠯᠭᠠᠰᠤ ᠶᠢᠨ ᠠᠵᠤ ᠠᠬᠤᠶᠢᠯᠠᠯ 802᠂ ᠠᠵᠢᠯᠴᠢᠨ ᠠᠵᠢᠯᠲᠠᠨ 6757 ᠬᠥᠮᠥᠨ ᠪᠠᠶᠢᠪᠠ᠂ ᠲᠣᠭᠲᠠᠮᠠᠯ ᠬᠥᠷᠥᠩᠭᠡ 2538 ᠲᠦᠮᠡᠨ | ᠲᠥᠭᠦᠷᠢᠭ ᠬᠦᠷᠴᠦ᠂ ᠨᠡᠭᠦᠷᠡᠰᠦᠨ ᠠᠭᠤᠷᠬᠠᠢ᠂ ᠲᠣᠷᠭ᠎ᠠ᠂ ᠬᠢᠮᠢ ᠶᠢᠨ ᠠᠵᠤ ᠦᠢᠯᠡᠳᠪᠦᠷᠢ᠂ ᠭᠠᠨᠳᠢᠭ ᠴᠢᠯᠠᠭᠤ᠂ ᠪᠠᠷᠢᠯᠭ᠎ᠠ ᠶᠢᠨ ᠺᠣᠮᠫᠠᠨᠢ ᠪᠠᠷ ᠭᠤᠣᠯᠯᠠᠭᠴᠢ ᠠᠵᠤ | ᠠᠬᠤᠶᠢᠯᠠᠯ ᠪᠣᠯᠭᠠᠭᠰᠠᠨ ᠪᠠᠶᠢᠨ᠎ᠠ᠃ ᠴᠤᠭᠯᠠᠭ᠎ᠠ ᠵᠠᠬ᠎ᠠ ᠨᠢ 230 ᠭᠠᠷᠤᠢ ᠵᠢᠯ ᠤᠨ ᠲᠡᠦᠬᠡ ᠲᠠᠢ᠂ 1984 ᠣᠨ ᠳᠤ 7000 ᠲᠡᠭᠰᠢ ᠳᠥᠷᠪᠡᠯᠵᠢᠨ ᠮᠧᠲᠷ ᠤᠨ | ᠼᠧᠮᠧᠨ᠋ᠲ ᠱᠠᠯᠠ ᠪᠠ ᠲᠣᠭᠲᠠᠮᠠᠯ ᠳᠡᠯᠭᠡᠭᠦᠷ ᠤᠨ ᠣᠷᠣ᠂ ᠬᠤᠳᠠᠯᠳᠤᠭ᠎ᠠ ᠶᠢᠨ ᠮᠤᠬᠤᠯᠠᠭ ᠢ ᠰᠢᠨ᠎ᠡ ᠪᠠᠷ ᠪᠠᠶᠢᠭᠤᠯᠤᠭᠰᠠᠨ ᠪᠠᠶᠢᠨ᠎ᠠ᠂ ᠵᠢᠯ ᠤᠨ ᠠᠷᠠᠯᠵᠢᠶ᠎ᠠ ᠶᠢᠨ ᠬᠡᠮᠵᠢᠶ᠎ᠡ | ᠨᠢ 300 ᠭᠠᠷᠤᠢ ᠲᠦᠮᠡᠨ ᠲᠥᠭᠦᠷᠢᠭ᠃ | ᠵᠢᠶᠠᠨ ᠴᠠᠩ ᠶᠢᠩ ᠪᠠᠯᠭᠠᠰᠤ ᠶᠢᠨ ᠪᠠᠷᠠᠭᠤᠨᠳᠡᠬᠢ ᠶᠤᠸᠠᠨ ᠪᠣᠣ ᠱᠠᠨ ᠨᠡᠭᠦᠷᠡᠰᠦᠨ ᠠᠭᠤᠷᠬᠠᠢ ᠨᠢ ᠬᠤᠶᠢᠲᠤ ᠲᠠᠯ᠎ᠠ ᠪᠠᠷ ᠢᠶᠠᠨ ᠵᠠᠳᠠᠭᠠᠢ ᠨᠡᠭᠦᠷᠡᠰᠦᠨ | ᠠᠭᠤᠷᠬᠠᠢ᠂ ᠡᠮᠦᠨ᠎ᠡ ᠲᠠᠯ᠎ᠠ ᠪᠠᠷ ᠢᠶᠠᠨ ᠶᠤᠸᠠᠨ ᠪᠣᠣ ᠱᠠᠨ ᠴᠠᠬᠢᠯᠭᠠᠨ ᠦᠢᠯᠡᠳᠪᠦᠷᠢ ᠲᠠᠢ ᠣᠶᠢᠷᠠᠬᠠᠨ ᠪᠠᠶᠢᠵᠤ᠂ ᠣᠨᠴᠠ ᠰᠠᠶᠢᠨ ᠨᠥᠬᠦᠴᠡᠯ ᠢ ᠪᠦᠷᠢᠯᠳᠦᠭᠦᠯᠦᠭᠰᠡᠨ | ᠪᠠᠶᠢᠨ᠎ᠠ᠃ 1990 ᠣᠨ ᠳᠤ ᠪᠦᠬᠦ ᠤᠯᠤᠰ ᠤᠨ 12 ᠲᠣᠰᠬᠤᠨ ᠪᠠᠯᠭᠠᠰᠤ ᠶᠢᠨ ᠪᠦᠲᠦᠭᠡᠨ ᠪᠠᠶᠢᠭᠤᠯᠤᠯᠲᠠ ᠶᠢᠨ ᠲᠤᠷᠰᠢᠯᠲᠠ ᠶᠢᠨ ᠴᠡᠭ ᠤᠨ ᠨᠢᠭᠡ ᠪᠠᠷ | ᠰᠣᠩᠭᠤᠭᠳᠠᠭᠰᠠᠨ ᠪᠠᠶᠢᠨ᠎ᠠ᠂ ᠥᠪᠡᠷᠲᠡᠭᠡᠨ ᠵᠠᠰᠠᠬᠤ ᠣᠷᠣᠨ ᠤ ᠳᠡᠰ ᠤᠨ ᠪᠣᠯᠪᠠᠰᠤᠨ ᠪᠠᠯᠭᠠᠰᠤ ᠪᠣᠯᠣᠨ᠎ᠠ᠂ 1990 ᠣᠨ ᠤ 11 ᠰᠠᠷ᠎ᠠ ᠳᠤ ᠤᠯᠤᠰ ᠤᠨ ᠪᠦᠲᠦᠭᠡᠨ | ᠪᠠᠶᠢᠭᠤᠯᠤᠯᠲᠠ ᠶᠢᠨ ᠶᠠᠮᠤᠨ ᠠᠴᠠ ︽ᠲᠣᠰᠬᠤᠨ ᠪᠠᠯᠭᠠᠰᠤ ᠶᠢᠨ ᠪᠦᠲᠦᠭᠡᠨ ᠪᠠᠶᠢᠭᠤᠯᠤᠯᠲᠠ ᠶᠢᠨ ᠲᠡᠷᠢᠭᠦᠨ ᠤ ᠨᠢᠭᠡᠴᠡ︾ ᠬᠡᠮᠡᠨ ᠦᠨᠡᠯᠡᠭᠳᠡᠭᠰᠡᠨ ᠪᠠᠶᠢᠨ᠎ᠠ᠃ | | | |