ᠦ᠋ ᠵᠢᠶᠠ ᠪᠠᠯᠭᠠᠰᠤ
ᠨᠡᠶᠢᠲᠡᠯᠡᠭᠰᠡᠨ ᠴᠠᠭ᠄
2023/12/13
      ᠲᠣᠭᠤᠷᠢᠭ ᠤᠨ ᠵᠠᠰᠠᠭ ᠤᠨ ᠣᠷᠳᠣᠨ ᠤ ᠪᠠᠶᠢᠭ᠎ᠠ ᠭᠠᠵᠠᠷ ᠠᠴᠠ ᠡᠮᠦᠨᠡᠰᠢ 40 ᠺᠢᠯᠣᠮᠧᠲᠷ ᠵᠠᠶᠢᠲᠠᠢ ᠪᠠᠶᠢᠷᠢᠯᠠᠵᠤ ᠪᠤᠢ᠂ ᠫᠢᠩᠵᠤᠸᠠᠩ ᠠᠴᠠ 7 ᠺᠢᠯᠣᠮᠧᠲᠷ ᠵᠠᠶᠢᠲᠠᠢ᠂ ᠴᠢᠩ ᠤᠯᠤᠰ ᠤᠨ ᠡᠶᠡᠪᠡᠷ ᠵᠠᠰᠠᠭᠴᠢ ᠶᠢᠨ ᠦᠶ᠎ᠡ ᠳᠤ ᠲᠣᠰᠬᠤᠨ ᠪᠠᠶᠢᠵᠤ᠂ 1924 ᠣᠨ ︵ᠢᠷᠭᠡᠨ ᠤᠯᠤᠰ ‍ᠤᠨ‌ᠠᠷᠪᠠᠨ ᠭᠤᠷᠪᠠᠳᠤᠭᠠᠷ ᠣᠨ︶ ᠳᠤ ᠳᠡᠭᠡᠷᠡᠮ ᠢ ᠰᠡᠷᠭᠡᠶᠢᠯᠡᠬᠦ ᠶᠢᠨ ᠲᠥᠯᠥᠭᠡ 400×300 ×300 ᠮᠧᠲᠷ ᠤᠨ ᠬᠡᠷᠡᠮ ᠲᠠᠢ᠂ 4 ᠡᠭᠦᠳᠡ ᠲᠠᠢ ᠬᠦᠷᠢᠶ᠎ᠡ ᠪᠠᠶᠢᠭᠤᠯᠤᠭᠰᠠᠨ ᠪᠠᠶᠢᠪᠠ᠃ 1947 ᠣᠨ ᠳᠤ ᠵᠢᠢ ᠴᠠ ᠷᠧ ᠯᠢᠶᠣᠣ ᠶᠢᠨ ᠬᠤᠪᠢᠶᠠᠷᠢ ᠲᠣᠪᠴᠢᠶ᠎ᠠ ᠨᠢ ᠲᠤᠰ ᠪᠠᠯᠭᠠᠰᠤᠨ ᠳᠤ ᠪᠠᠶᠢᠵᠠᠢ᠂ 1984 ᠣᠨ ᠳᠤ ᠦ᠋ ᠵᠢᠶᠠ ᠪᠠᠯᠭᠠᠰᠤ ᠶᠢ ᠪᠠᠶᠢᠭᠤᠯᠤᠭᠰᠠᠨ ᠪᠠᠶᠢᠨ᠎ᠠ᠃ ᠫᠢᠩᠵᠤᠸᠠᠩ ᠤᠨ ᠠᠭᠤᠷᠬᠠᠢ ᠶᠢᠨ ᠶᠠᠪᠤᠳᠠᠯ ᠤᠨ ᠲᠣᠪᠴᠢᠶ᠎ᠠ ᠶᠢᠨ ᠦ᠋ ᠵᠢᠶᠠ ᠠᠭᠤᠷᠬᠠᠢ ᠶᠢᠨ ᠪᠠᠶᠢᠭ᠎ᠠ ᠭᠠᠵᠠᠷ ᠪᠣᠯᠣᠨ᠎ᠠ᠃ ᠬᠠᠷᠢᠶᠠᠨ ᠳᠤ ᠨᠢ 5 ᠲᠣᠰᠬᠤᠨ᠂ 4 ᠰᠠᠭᠤᠭᠠᠯᠢ ᠠᠷᠠᠳ ᠤᠨ ᠵᠥᠪᠯᠡᠯ᠂ 14 ᠠᠶᠢᠯ᠂ 6406 ᠡᠷᠦᠬᠡ᠂ 25778 ᠬᠥᠮᠥᠨ ᠠᠮᠠ ᠲᠠᠢ᠂ ᠡᠭᠦᠨ ᠳᠤ ᠬᠤᠲᠠ ᠪᠠᠯᠭᠠᠰᠤᠨ ᠳᠤ 3881 ᠡᠷᠦᠬᠡ᠂ 15219 ᠬᠥᠮᠥᠨ ᠲᠠᠢ᠃ ᠬᠢᠲᠠᠳ ᠦᠨᠳᠦᠰᠦᠲᠡᠨ 21131 ᠬᠥᠮᠥᠨ᠂ ᠮᠣᠩᠭᠤᠯ ᠦᠨᠳᠦᠰᠦᠲᠡᠨ 4168 ᠬᠥᠮᠥᠨ᠂ ᠪᠤᠰᠤᠳ ᠦᠨᠳᠦᠰᠦᠲᠡᠨ 429 ᠬᠥᠮᠥᠨ ᠪᠤᠢ᠃      ᠡᠨᠡ ᠬᠦ ᠠᠭᠤᠷᠬᠠᠢ ᠶᠢᠨ ᠪᠠᠭ᠎ᠠ ᠪᠠᠯᠭᠠᠰᠤᠨ ᠳᠤ ᠳᠤᠮᠳᠠᠳᠤ ᠢᠷᠭᠡᠨ ᠤᠯᠤᠰ ᠤᠨ ᠦᠶ᠎ᠡ ᠳᠤ ᠨᠢᠭᠡᠨᠲᠡ ᠲᠣᠭᠤᠨᠣᠯᠵᠢᠨ ᠵᠡᠭᠡᠯᠢ ᠪᠦᠷᠢᠯᠳᠦᠭᠰᠡᠨ ᠪᠠᠶᠢᠨ᠎ᠠ᠂ ᠭᠡᠪᠡᠴᠦ ᠤᠷᠲᠤ ᠨᠢ ᠵᠥᠪᠬᠡᠨ ᠭᠤᠷᠪᠠ᠂ ᠳᠥᠷᠪᠡᠨ ᠵᠠᠭᠤᠨ ᠮᠧᠲᠷ ᠪᠠᠶᠢᠪᠠ᠃ ᠣᠳᠣ ᠶᠢᠨ ᠭᠤᠣᠯ ᠵᠠᠮ ᠤᠨ ᠤᠷᠲᠤ ᠨᠢ 2650 ᠮᠧᠲᠷ᠂ ᠪᠠᠷᠤᠭᠰᠢᠨ ᠵᠠᠮ ᠤᠨ ᠥᠷᠭᠡᠨ ᠨᠢ 20 ᠮᠧᠲᠷ ᠪᠤᠢ᠃ ᠨᠠᠷᠢᠨ ᠭᠤᠳᠤᠮᠵᠢ 150 ᠪᠣᠢ᠂ ᠪᠦᠬᠦ ᠤᠷᠲᠤ ᠨᠢ 25000 ᠮᠧᠲᠷ᠃ ᠴᠥᠮ ᠢᠯᠡ ᠰᠤᠪᠠᠭ ᠢᠶᠠᠷ ᠠᠶᠠᠨᠳᠠᠭᠠᠨ ᠤᠰᠤ ᠭᠠᠳᠠᠭᠰᠢᠯᠠᠭᠤᠯᠵᠤ᠂ ᠭᠤᠣᠯ ᠵᠠᠮ ᠳᠤ ᠪᠠᠭ᠎ᠠ ᠬᠡᠰᠡᠭ ᠴᠢᠯᠠᠭᠤ ᠪᠠᠷ ᠵᠡᠷᠭᠡᠯᠡᠭᠰᠡᠨ ᠰᠤᠪᠠᠭ ᠪᠤᠢ᠃ ᠪᠠᠯᠭᠠᠰᠤᠨ ᠳᠤ ᠦᠶᠡᠷ ᠤᠨ ᠬᠠᠰᠢᠯᠭ᠎ᠠ 3 ᠵᠤᠷᠪᠤᠰ 3500 ᠮᠧᠲᠷ ᠵᠠᠰᠠᠵᠠᠢ᠃ 1985 ᠣᠨ ᠳᠤ 20 ᠰᠠᠭᠤᠷᠢ ᠵᠠᠮ ᠤᠨ ᠳ᠋ᠧᠩ ︵ᠮᠥᠩᠭᠦᠨ ᠤᠰᠤᠨ ᠳ᠋ᠧᠩ︶ ᠤᠭᠰᠠᠷᠠᠵᠤ᠂ ᠠᠭᠤᠷᠬᠠᠢ ᠳᠤ 18 ᠰᠠᠭᠤᠷᠢ ᠤᠭᠰᠠᠷᠠᠭᠰᠠᠨ ᠪᠠᠶᠢᠨ᠎ᠠ᠃ ᠵᠠᠮ ᠳᠠᠭᠠᠤ 2000 ᠰᠠᠭᠤᠷᠢ ᠮᠣᠳᠣ ᠲᠠᠷᠢᠵᠤ᠂ 1983 ᠣᠨ ᠳᠤ ᠴᠡᠪᠡᠷᠯᠡᠭᠡ ᠶᠢᠨ ᠠᠩᠭᠢ ᠶᠢ ᠪᠠᠶᠢᠭᠤᠯᠵᠤ᠂ ᠴᠡᠪᠡᠷᠯᠡᠭᠴᠢ ᠠᠵᠢᠯᠴᠢᠨ 3 ᠬᠥᠮᠥᠨ ᠪᠠᠶᠢᠪᠠ᠂ ᠨᠡᠶᠢᠲᠡ ᠶᠢᠨ ᠵᠣᠷᠯᠣᠩ 3 ᠪᠣᠢ᠃ ᠪᠦᠬᠦ ᠪᠠᠯᠭᠠᠰᠤᠨ ᠤ 9 ᠲᠣᠰᠬᠤᠨ ᠳᠤ ᠲᠦᠭᠡᠭᠡᠯ ᠤᠰᠤᠨ ᠤ ᠢᠨᠵᠧᠨᠧᠷᠢᠩ ᠢ ᠪᠠᠶᠢᠭᠤᠯᠵᠤ᠂ 14830 ᠬᠥᠮᠥᠨ ᠲᠦᠭᠡᠭᠡᠯ ᠤᠰᠤ ᠬᠡᠷᠡᠭᠯᠡᠭᠰᠡᠨ ᠪᠠᠶᠢᠨ᠎ᠠ᠃      ᠪᠠᠯᠭᠠᠰᠤᠨ ᠲᠣᠭᠤᠷᠢᠭ ᠲᠤ 1949 ᠣᠨ ᠠᠴᠠ ᠡᠮᠦᠨ᠎ᠡ 2000 ᠲᠡᠭᠰᠢ ᠳᠥᠷᠪᠡᠯᠵᠢᠨ ᠮᠧᠲᠷ ᠭᠡᠷ ᠪᠠᠶᠢᠰᠢᠩ ᠪᠠᠶᠢᠪᠠ᠃ ᠡᠳᠦᠭᠡ ᠣᠷᠣᠨ ᠰᠠᠭᠤᠴᠠ 280600 ᠲᠡᠭᠰᠢ ᠳᠥᠷᠪᠡᠯᠵᠢᠨ ᠮᠧᠲᠷ ᠪᠠᠶᠢᠵᠤ᠂ ᠬᠥᠮᠥᠨ ᠳᠤᠮᠳᠠᠴᠢ ᠶᠢᠨ ᠣᠷᠣᠨ ᠰᠠᠭᠤᠴᠠ ᠶᠢᠨ ᠲᠠᠯᠠᠪᠠᠢ ᠨᠢ 11 ᠲᠡᠭᠰᠢ ᠳᠥᠷᠪᠡᠯᠵᠢᠨ ᠮᠧᠲᠷ᠂ ᠣᠯᠠᠨ ᠠᠰᠠᠷ ᠲᠠᠢ ᠪᠣᠯᠵᠠᠢ᠃ ᠣᠯᠠᠨ ᠨᠡᠶᠢᠲᠡ ᠶᠢᠨ ᠪᠠᠷᠢᠯᠭ᠎ᠠ 16000 ᠲᠡᠭᠰᠢ ᠳᠥᠷᠪᠡᠯᠵᠢᠨ ᠮᠧᠲᠷ᠂ ᠦᠢᠯᠡᠳᠪᠦᠷᠢᠯᠡᠯ ᠤᠨ ᠪᠠᠷᠢᠯᠭ᠎ᠠ 20400 ᠲᠡᠭᠰᠢ ᠳᠥᠷᠪᠡᠯᠵᠢᠨ ᠮᠧᠲᠷ᠂ ᠣᠯᠠᠩᠬᠢ ᠨᠢ ᠲᠣᠭᠤᠰᠬ᠎ᠠ ᠪᠧᠲ᠋ᠣᠨ᠂ ᠬᠤᠯᠢᠮᠠᠭ ᠪᠦᠲᠦᠴᠡ ᠲᠠᠢ᠃ ᠪᠠᠯᠭᠠᠰᠤᠨ ᠳᠤ ᠤᠯᠤᠰ ᠠᠴᠠ ᠡᠵᠡᠩᠨᠡᠭᠰᠡᠨ ᠨᠡᠭᠦᠷᠡᠰᠦᠨ ᠠᠭᠤᠷᠬᠠᠢ ᠪᠠ ᠠᠵᠤ ᠦᠢᠯᠡᠳᠪᠦᠷᠢ ᠬᠤᠳᠠᠯᠳᠤᠭ᠎ᠠ ᠶᠢᠨ ᠠᠵᠤ ᠠᠬᠤᠶᠢᠯᠠᠯ ᠪᠠᠶᠢᠬᠤ ᠠᠴᠠ ᠭᠠᠳᠠᠨ᠎ᠠ᠂ ᠲᠣᠰᠬᠤᠨ ᠪᠠᠯᠭᠠᠰᠤ ᠶᠢᠨ ᠠᠵᠤ ᠠᠬᠤᠶᠢᠯᠠᠯ 690 ᠪᠣᠢ᠂ 2949 ᠠᠵᠢᠯᠴᠢᠨ ᠲᠠᠢ᠂ ᠪᠦᠬᠦ ᠪᠠᠯᠭᠠᠰᠤᠨ ᠤ ᠬᠥᠳᠡᠯᠮᠦᠷᠢ ᠬᠦᠴᠦ ᠶᠢᠨ 77% ᠢ ᠡᠵᠡᠯᠡᠭᠰᠡᠨ ᠪᠠᠶᠢᠨ᠎ᠠ᠃ ᠠᠵᠤ ᠦᠢᠯᠡᠳᠪᠦᠷᠢ ᠶᠢᠨ ᠦᠢᠯᠡᠳᠬᠦᠨ ᠤ ᠥᠷᠲᠡᠭ ᠨᠢ 606 ᠲᠦᠮᠡᠨ ᠲᠥᠭᠦᠷᠢᠭ᠂ ᠲᠠᠸᠠᠷ ᠢ ᠰᠤᠯᠠ ᠪᠠᠷ ᠪᠣᠷᠣᠯᠠᠭᠤᠯᠤᠭᠰᠠᠨ ᠨᠣᠷᠮ᠎ᠠ ᠨᠢ 1616 ᠲᠦᠮᠡᠨ ᠲᠥᠭᠦᠷᠢᠭ᠂ ᠴᠤᠭᠯᠠᠭ᠎ᠠ ᠮᠠᠶᠢᠮᠠᠢ ᠶᠢᠨ ᠵᠠᠬ᠎ᠠ ᠳᠡᠯᠭᠡᠭᠦᠷ ᠲᠠᠢ᠂ 5᠂ 10 ᠤ ᠡᠳᠦᠷ ᠴᠤᠭᠯᠠᠭ᠎ᠠ ᠮᠠᠶᠢᠮᠠᠢ ᠡᠷᠬᠢᠯᠡᠵᠦ᠂ ᠵᠢᠯ ᠤᠨ ᠰᠣᠯᠢᠯᠴᠠᠭ᠎ᠠ ᠶᠢᠨ ᠬᠡᠮᠵᠢᠶ᠎ᠡ ᠨᠢ 350 ᠲᠦᠮᠡᠨ ᠲᠥᠭᠦᠷᠢᠭ ᠬᠦᠷᠳᠡᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ