| ᠸᠠᠩ ᠱᠧᠡᠭ᠂ ᠥᠭᠡᠷ᠎ᠡ ᠨᠡᠷ᠎ᠡ ᠸᠠᠩ ᠵᠧᠨ ᠱᠧᠡᠭ᠂ ᠡᠷᠡᠭᠲᠡᠢ᠂ ᠬᠢᠲᠡᠳ ᠦᠨᠳᠦᠰᠦᠲᠡᠨ᠂ 1908 ᠣᠨ ᠳᠤ ᠯᠢᠨᠰᠢ ᠰᠢᠶᠠᠨ ᠳᠤ ᠲᠦᠷᠦᠵᠠᠢ᠂ | ᠰᠡᠭᠦᠯᠡᠷ ᠨᠢ ᠬᠡᠰᠢᠭᠲᠡᠨ ᠬᠤᠰᠢᠭᠤᠨ ᠤ ᠮᠣᠰᠬᠢᠭᠤ ᠰᠢᠶᠠᠩ ᠳᠤ ᠨᠡᠭᠦᠪᠡ᠃ 1921 ᠣᠨ ᠳᠤ ᠢ ᠵᠢᠶᠦ᠋ᠨ ᠤ ᠴᠡᠷᠢᠭ ᠲᠤ ᠣᠷᠣᠵᠦ᠂ ᠱᠠᠨᠠᠭ᠎ᠠ ᠪᠣᠭᠤᠮᠲᠠ᠂ | ᠯᠢᠶᠤᠤ ᠨᠠᠠ᠂ ᠬᠢᠷᠢᠨ ᠵᠡᠷᠭᠡ ᠭᠠᠵᠠᠷ ᠢᠶᠠᠷ ᠲᠤᠭᠤᠷᠢᠨ ᠪᠠᠶᠢᠯᠳᠤᠵᠤ᠂ ᠠᠬᠠᠯᠠᠬᠤ ᠪᠠᠶᠢᠯᠳᠤᠭᠴᠢ᠂ ᠲᠦᠷᠦᠭᠦᠴᠢ᠂ ᠠᠵᠤ ᠠᠬᠤᠢ ᠶᠢᠨ ᠳᠠᠷᠤᠭ᠎ᠠ᠂ ᠠᠩᠭᠢ ᠶᠢᠨ | ᠳᠠᠷᠤᠭ᠎ᠠ᠂ ᠰᠠᠯᠠᠭᠠᠨ ᠳᠠᠷᠤᠭ᠎ᠠ ᠪᠣᠯᠵᠤ ᠥᠩᠭᠡᠷᠡᠪᠡ᠃ 1935 ᠣᠨ ᠤ 1 ᠰᠠᠷ᠎ᠠ ᠳᠤ ᠬᠢᠷᠢᠨ ᠮᠣᠵᠢ ᠶᠢᠨ ᠬᠤᠢ ᠶᠠᠩ ᠰᠢᠶᠠᠨ ᠤ ᠳ᠋ᠠ ᠬᠤᠸᠠᠩ ᠭᠧᠦ ᠶᠢᠨ | ᠪᠣᠰᠣᠯᠭ᠎ᠠ ᠳᠤ ᠵᠡᠭᠦᠨ ᠬᠤᠶᠢᠲᠦ ᠶᠢᠨ ᠶᠠᠫᠤᠨ ᠢ ᠡᠰᠡᠷᠭᠦᠴᠡᠬᠦ ᠬᠤᠯᠪᠣᠭᠠᠲᠤ ᠴᠡᠷᠢᠭ ᠲᠤ ᠣᠷᠣᠪᠠ᠃ 6 ᠰᠠᠷ᠎ᠠ ᠳᠤ ᠮᠣᠰᠺᠸᠠ ᠶᠢᠨ ᠲᠣᠷᠤᠨᠠᠳᠠᠬᠢᠨ ᠤ ᠶᠡᠭᠡ | ᠰᠤᠷᠭᠠᠭᠤᠯᠢ ᠳᠤ ᠰᠤᠷᠤᠯᠴᠠᠵᠤ᠂ 1938 ᠣᠨ ᠤ 7 ᠰᠠᠷ᠎ᠠ ᠳᠤ ᠤᠯᠤᠰ ᠲᠤ ᠪᠠᠨ ᠪᠣᠴᠠᠵᠦ᠂ ᠰᠢᠨᠵᠢᠶᠠᠩ ᠮᠣᠵᠢ ᠶᠢᠨ ᠳ᠋ᠢ ᠬᠤᠸᠠ ᠬᠤᠲᠠ ᠶᠢᠨ ︵ᠥᠨᠥ ᠶᠢᠨ | ᠦᠷᠦᠮᠴᠢ︶ ᠴᠡᠷᠢᠭ ᠤᠨ ᠰᠤᠷᠤᠭᠴᠢ ᠶᠢᠨ ᠠᠩᠬᠢ ᠳᠤ ᠵᠢᠭᠠᠨ ᠵᠢᠯᠤᠭᠤᠲᠤᠭᠴᠢ ᠶᠢᠨ ᠲᠤᠰᠢᠶᠠᠯ ᠳᠤ ᠲᠣᠮᠢᠯᠠᠭᠳᠠᠵᠤ᠂ 8 ᠰᠠᠷ᠎ᠠ ᠳᠤ ᠳᠤᠮᠳᠠᠳᠤ ᠤᠯᠤᠰ ᠤᠨ ᠡᠪ | ᠬᠠᠮᠲᠤ ᠨᠠᠮ ᠳᠤ ᠡᠯᠰᠡᠭᠳᠡᠪᠡ᠃ 10 ᠰᠠᠷ᠎ᠠ ᠳᠤ ᠶᠠᠨ ᠠᠠ ᠤ ᠲᠥᠪ ᠤᠨ ᠨᠠᠮ ᠤᠨ ᠰᠤᠷᠭᠠᠭᠤᠯᠢ ᠶᠢᠨ ᠴᠡᠷᠢᠭ ᠤᠨ ᠶᠠᠪᠤᠳᠠᠯ ᠤᠨ ᠲᠤᠭᠤᠶᠢᠯᠠᠩ ᠤᠨ ᠳᠠᠷᠤᠭ᠎ᠠ ᠶᠢᠨ | ᠲᠤᠰᠢᠶᠠᠯ ᠳᠤ ᠰᠢᠯᠵᠢᠵᠦ᠂ 1939 ᠣᠨ ᠤ 1 ᠰᠠᠷ᠎ᠠ ᠳᠤ ᠴᠧᠨ ᠶᠦᠨ ᠤ ᠴᠡᠷᠢᠭ ᠢ ᠲᠠᠭᠠᠭᠰᠠᠨ ᠪᠢᠴᠢᠭᠡᠴᠢ ᠪᠠᠶᠢᠪᠠ᠃ 1941 ᠣᠨ ᠤ 9 ᠰᠠᠷ᠎ᠠ ᠳᠤ ᠶᠠᠨ | ᠠᠠ ᠤ ᠲᠥᠪ ᠤᠨ ᠴᠠᠭᠳᠠᠭ᠎ᠠ ᠶᠢᠨ ᠰᠤᠷᠭᠠᠭᠤᠯᠢ ᠳᠤ ᠰᠢᠯᠵᠢᠵᠦ ᠴᠡᠷᠢᠭ ᠤᠨ ᠶᠠᠪᠤᠳᠠᠯ ᠤᠨ ᠰᠤᠷᠭᠠᠭᠴᠢ᠂ ᠵᠢᠭᠠᠨ ᠵᠢᠯᠤᠭᠤᠳᠤᠭᠴᠢ᠂ ᠰᠣᠮᠣᠨ ᠳᠠᠷᠤᠭ᠎ᠠ᠂ | ᠠᠩᠭᠢ ᠶᠢᠨ ᠳᠠᠷᠤᠭ᠎ᠠ ᠶᠢᠨ ᠲᠤᠰᠢᠶᠠᠯ ᠳᠤ ᠲᠣᠮᠢᠯᠠᠭᠳᠠᠪᠠ᠃ 1945 ᠣᠨ ᠤ 11 ᠰᠠᠷ᠎ᠠ ᠳᠤ ᠵᠡᠭᠦᠨ ᠬᠤᠶᠢᠲᠦ ᠣᠷᠣᠨ ᠳᠤ ᠢᠷᠡᠵᠦ᠂ ᠠᠩᠬᠠᠨ ᠳᠤ ᠪᠠᠨ | ᠯᠢᠩᠶᠤᠸᠠᠨ ᠰᠢᠶᠠᠨ ᠤ ᠰᠠᠯᠪᠤᠷᠢ ᠠᠩᠭᠢ ᠶᠢᠨ ᠳᠡᠳ᠋ ᠳᠠᠷᠤᠭ᠎ᠠ᠂ ᠿᠧᠾᠧ ᠶᠢᠨ ᠡᠮᠦᠨᠡᠲᠦ ᠴᠡᠷᠢᠭ ᠤᠨ ᠲᠣᠭᠤᠷᠢᠭ ᠤᠨ ᠲᠤᠰᠠᠭᠠᠷ ᠪᠠᠲᠯᠢᠶᠤᠨ ᠤ ᠳᠠᠷᠤᠭ᠎ᠠ᠂ | ᠲᠣᠷᠰᠢᠭᠤᠯ ᠤᠨ ᠰᠠᠯᠠᠭ᠎ᠠ ᠶᠢᠨ ᠳᠠᠷᠤᠭ᠎ᠠ᠂ ᠬᠤᠷᠢᠨ ᠬᠤᠶᠠᠳᠤᠭᠠᠷ ᠴᠡᠷᠢᠭ ᠤᠨ ᠲᠣᠭᠤᠷᠢᠭ ᠤᠨ ᠮᠣᠷᠢᠲᠦ ᠴᠡᠷᠢᠭ ᠤᠨ ᠭᠤᠷᠪᠠᠳᠤᠭᠠᠷ ᠬᠤᠷᠢᠶ᠎ᠠ ᠶᠢᠨ ᠳᠡᠳ᠋ ᠬᠤᠷᠢᠶᠠᠨ | ᠳᠠᠷᠤᠭ᠎ᠠ ᠶᠢᠨ ᠲᠤᠰᠢᠶᠠᠯ ᠳᠤ ᠪᠠᠶᠢᠪᠠ᠂ ᠰᠡᠭᠦᠯᠡᠷ ᠨᠢ ᠮᠣᠷᠢᠲᠦ ᠴᠡᠷᠢᠭ ᠤᠨ ᠳ᠋ᠢᠸᠢᠽᠢ ᠶᠢᠨ ᠬᠠᠩᠭᠠᠯᠭ᠎ᠠ ᠶᠢᠨ ᠬᠡᠯᠲᠡᠰ ᠤᠨ ᠤᠯᠤᠰ ᠲᠦᠷᠦ ᠶᠢᠨ ᠭᠡᠰᠢᠭᠦᠨ᠂ | ᠲᠥᠷᠪᠡᠳᠦᠭᠡᠷ ᠬᠡᠭᠡᠷᠡᠯᠡᠨ ᠪᠠᠶᠢᠯᠳᠤᠬᠤ ᠮᠣᠷᠢᠲᠦ ᠴᠡᠷᠢᠭ ᠤᠨ ᠲᠠᠪᠣᠳᠣᠭᠠᠷ ᠳ᠋ᠢᠸᠢᠽᠢ ᠶᠢᠨ ᠬᠠᠩᠭᠠᠯᠭ᠎ᠠ ᠶᠢᠨ ᠬᠡᠯᠲᠡᠰ ᠤᠨ ᠳᠡᠳ᠋ ᠳᠠᠷᠤᠭ᠎ᠠ᠂ ᠶᠠᠪᠤᠭᠠᠨ ᠴᠡᠷᠢᠭ ᠤᠨ | ᠳ᠋ᠢᠸᠢᠽᠢ ᠶᠢᠨ ᠺᠠᠳ᠋ᠷ ᠤᠨ ᠬᠡᠯᠲᠡᠰ ᠤᠨ ᠳᠡᠳ᠋ ᠳᠠᠷᠤᠭ᠎ᠠ ᠶᠢᠨ ᠲᠤᠰᠢᠶᠠᠯ ᠳᠤ ᠲᠣᠮᠢᠯᠠᠭᠳᠠᠵᠠᠢ᠃ 1952 ᠣᠨ ᠳᠤ ᠮᠦᠭᠳᠡᠨ ᠤ ᠴᠡᠷᠢᠭ ᠤᠨ ᠲᠣᠭᠤᠷᠢᠭ ᠤᠨ ᠠᠷᠤ | ᠲᠠᠯ᠎ᠠ ᠶᠢᠨ ᠠᠵᠢᠯ ᠤᠨ ᠬᠡᠯᠲᠡᠰ ᠤᠨ ᠤᠯᠤᠰ ᠲᠦᠷᠦ ᠶᠢᠨ ᠳᠡᠳ᠋ ᠭᠡᠰᠢᠭᠦᠨ ᠤ ᠲᠤᠰᠢᠶᠠᠯ ᠳᠤ ᠲᠣᠮᠢᠯᠠᠭᠳᠠᠪᠠ᠃ | ᠸᠠᠩ ᠱᠧᠡᠭ ᠨᠢᠭᠡ ᠨᠠᠰᠤ ᠪᠠᠷ ᠢᠶᠠᠨ ᠴᠡᠷᠢᠭ ᠲᠠᠶᠢᠨ ᠳᠤ ᠶᠠᠪᠤᠵᠦ᠂ ᠣᠯᠠᠨ ᠤᠳᠠᠭ᠎ᠠ ᠶᠢᠨ ᠲᠠᠶᠢᠨ ᠪᠠᠶᠢᠯᠳᠤᠭᠠᠨ ᠳᠤ ᠣᠷᠣᠯᠴᠠᠵᠤ᠂ ᠣᠯᠠᠨ ᠠᠷᠪᠢᠨ | ᠭᠠᠪᠢᠶ᠎ᠠ ᠪᠠᠶᠢᠭᠤᠯᠪᠠ᠃ 1947 ᠣᠨ ᠤ 2 ᠰᠠᠷ᠎ᠠ ᠳᠤ ᠣᠩᠨᠢᠭᠤᠳ ᠬᠤᠰᠢᠭᠤᠨ ᠤ ᠰᠧ ᠳ᠋ᠤᠤ ᠭᠧᠦ ᠯᠢᠶᠠᠩ ᠤᠨ ᠵᠢᠶᠠᠩ ᠵᠢᠶᠧ ᠱᠢ ᠶᠢᠨ ᠴᠡᠷᠢᠭ ᠤᠨ ᠤᠮᠠᠷᠠᠰᠢ | ᠲᠤᠭᠲᠠᠭᠠᠬᠤ ᠶᠢ ᠬᠤᠷᠢᠭᠯᠠᠨ ᠴᠣᠬᠢᠬᠤ ᠪᠠᠶᠢᠯᠳᠣᠭᠠᠨ ᠢ ᠵᠢᠯᠤᠭᠤᠳᠤᠭᠰᠠᠨ ᠪᠠᠶᠢᠨ᠎ᠠ᠃ 1961 ᠣᠨ ᠤ ᠨᠠᠮᠤᠷ ᠡᠪᠡᠳᠴᠢᠨ ᠢᠶᠠᠷ ᠤᠯᠠᠭᠠᠨᠬᠠᠳᠠ ᠬᠤᠲᠠ ᠳᠤ | ᠠᠮᠠᠷᠠᠯᠲᠠ ᠪᠠᠨ ᠠᠪᠴᠤ᠂ ᠤᠯᠠᠭᠠᠨᠬᠠᠳᠠ ᠬᠤᠲᠠ ᠶᠢᠨ ᠤᠯᠤᠰ ᠲᠦᠷᠦ ᠶᠢᠨ ᠵᠥᠪᠯᠡᠯᠭᠡᠨ ᠤ ᠨᠡᠷ᠎ᠡ ᠬᠦᠨᠳᠦᠲᠦ ᠳᠡᠳ᠋ ᠲᠡᠷᠢᠭᠦᠯᠡᠭᠴᠢ ᠶᠢᠨ ᠲᠤᠰᠢᠶᠠᠯ ᠢ ᠬᠠᠷᠢᠭᠤᠴᠠᠵᠦ | ᠥᠩᠭᠡᠷᠡᠪᠡ᠃ 1972 ᠣᠨ ᠤ 9 ᠰᠠᠷ᠎ᠠ ᠳᠤ ᠤᠯᠠᠭᠠᠨᠬᠠᠳᠠ ᠳᠤ ᠨᠠᠰᠤ ᠪᠠᠷᠠᠪᠠ᠃ | | | |