ᠣᠨᠴᠠᠯᠢᠭᠲᠤ ᠰᠤᠯᠠ ᠢᠳᠡᠭᠡᠨ ︵ᠬᠤᠶᠠᠷ︶
ᠨᠡᠶᠢᠲᠡᠯᠡᠭᠰᠡᠨ ᠴᠠᠭ᠄
2023/12/5
      ᠯᠢᠨᠰᠢ ᠶᠢᠨ ᠱᠣᠣᠮᠠᠢ  ᠯᠢᠨᠰᠢ ᠶᠢᠨ ᠪᠠᠭ᠎ᠠ ᠳᠦᠯᠡᠢ ︵ᠸᠠᠩ ᠢᠦᠢ ᠭᠦᠢ ᠭᠡᠳᠡᠭ︶᠎ ᠶᠢᠨ ᠪᠠᠭ᠎ᠠ ᠵᠢᠩᠨᠡᠭᠦᠷ ᠤᠨ ᠱᠣᠣᠮᠠᠢ ᠨᠢ ᠢᠷᠭᠡᠨ ᠤᠯᠤᠰ ᠤᠨ ᠦᠶ᠎ᠡ ᠳᠤ ᠶᠡᠭᠡ ᠨᠡᠷ᠎ᠡ ᠲᠠᠢ᠃ ᠱᠣᠣᠮᠠᠢ ᠬᠢᠬᠦ ᠳᠤ ᠪᠠᠨ ᠨᠠᠷᠢᠯᠠᠭ ᠭᠤᠯᠢᠷ ᠶᠢ ᠬᠡᠷᠡᠭᠯᠡᠨ᠂ ᠴᠠᠷᠳᠠᠭᠤᠯ ᠲᠦᠷᠬᠢᠵᠦ᠂ ᠭᠠᠳᠠᠷ ᠬᠠᠯᠢᠰᠤ ᠶᠢ ᠨᠢ ᠴᠠᠭᠠᠨᠰᠣ ᠰᠢᠭ ᠨᠢᠮᠭᠡᠨ ᠪᠣᠯᠭᠠᠨ᠂ ᠲᠠᠬᠢᠨ ᠪᠤᠭᠤᠳᠠᠢ ᠶᠢᠨ ᠲᠦᠷᠦᠭᠦᠦ ᠶᠢᠨ ᠬᠡᠯᠪᠡᠷᠢ ᠲᠠᠢ ᠪᠣᠯᠭᠠᠨ ᠳᠠᠷᠤᠨ᠎ᠠ᠃ ᠱᠣᠣᠮᠠᠢ ᠶᠢᠨ ᠢᠳᠡᠭᠡ ᠨᠢ ᠰᠢᠨ᠎ᠡ ᠰᠣᠷᠭᠤᠭ ᠦᠬᠡᠷ ᠬᠤᠨᠢᠨ ᠤ ᠮᠢᠬ᠎ᠠ ᠶᠢ ᠬᠡᠷᠡᠭᠯᠡᠨ᠂ ᠰᠣᠩᠭᠢᠨ᠎ᠠ᠂ ᠭᠠ᠂ ᠲᠠᠪᠤᠨ ᠠᠮᠲᠠ ᠶᠢᠨ ᠨᠤᠨᠳᠠᠭ ᠵᠡᠷᠭᠡ ᠠᠮᠲᠠ ᠣᠷᠣᠭᠤᠯᠬᠤ ᠡᠳ᠋ ᠶᠢ ᠨᠡᠮᠡᠵᠦ᠂ ᠪᠠᠭ᠎ᠠ ᠬᠡᠮᠵᠢᠶᠡᠨ ᠤ ᠭᠤᠭᠤᠳ ᠪᠤᠶᠤ ᠴᠠᠭᠠᠨ  ᠨᠣᠭᠤᠭ᠎ᠠ ᠶᠢᠨ ᠭᠤᠣᠯ ᠲᠠᠢ ᠬᠤᠯᠢᠵᠤ᠂ ᠪᠣᠭᠤᠭᠰᠠᠨ ᠤ ᠲᠠᠷᠠᠭ᠎ᠠ ᠪᠠᠷ ᠵᠢᠩᠨᠡᠭᠦᠷ ᠲᠤ ᠬᠢᠵᠦ ᠵᠢᠩᠨᠡᠨ ᠪᠣᠯᠭᠤᠨ᠎ᠠ᠃ ᠥᠪᠡᠷᠮᠢᠴᠡ ᠠᠮᠲᠠ ᠲᠠᠢ ᠦᠨᠦᠷ ᠠᠮᠲᠠ ᠨᠢ ᠰᠠᠶᠢᠬᠠᠨ ᠪᠥᠭᠡᠳ ᠨᠢᠯᠤᠭᠤᠨ ᠪᠠᠶᠢᠳᠠᠭ ᠦᠭᠡᠢ᠃ ᠪᠠᠭ᠎ᠠ ᠳᠦᠯᠡᠢ ᠶᠢᠨ ᠱᠣᠣᠮᠠᠢ ᠨᠢ ᠵᠠᠷᠢᠮ ᠳᠠᠭᠠᠨ ᠬᠤᠭᠤᠯᠠᠨ ᠭᠡᠷ ᠲᠡᠭᠡᠨ ᠬᠤᠳᠠᠯᠳᠤᠵᠤ᠂ ᠵᠠᠷᠢᠮ ᠳᠠᠭᠠᠨ ᠭᠠᠳᠠᠨ᠎ᠠ ᠬᠤᠳᠠᠯᠳᠤᠵᠤ᠂ ᠬᠥᠮᠥᠰ ᠪᠦᠷ ᠢᠳᠡᠬᠦ ᠳᠤᠷ᠎ᠠ ᠲᠠᠢ ᠪᠠᠶᠢᠳᠠᠭ᠃      ᠪᠣᠷᠣᠬᠤᠲᠠ ᠶᠢᠨ ᠭᠤᠯᠢᠷ ᠬᠤᠭᠤᠯᠠ  ᠢᠷᠬᠡᠨ ᠤᠯᠤᠰ ᠤᠨ ᠡᠬᠢᠨ ᠳᠤ ᠲᠠᠷᠢᠶᠠᠴᠢᠨ ᠯᠦ ᠱᠢ ᠼᠠᠢ ᠭᠠᠴᠢᠭ ᠠᠴᠠ ᠵᠠᠶᠢᠯᠠᠨ ᠯᠢᠩ ᠶᠤᠸᠠᠨ ᠠᠴᠠ ᠪᠣᠷᠣᠬᠤᠲᠠ ᠳᠤ ᠬᠦᠷᠴᠦ᠂ ᠨᠠᠶᠢᠵᠠ ᠠᠴᠠ ᠪᠠᠨ ᠪᠣᠷᠣᠬᠤᠲᠠ ᠶᠢᠨ ᠭᠤᠯᠢᠷ ᠬᠤᠭᠤᠯᠠ ᠬᠢᠬᠦ ᠮᠡᠷᠭᠡᠵᠢᠯ ᠢ ᠰᠤᠷᠴᠤ ᠥᠪᠡᠷᠲᠡᠭᠡᠨ ᠬᠤᠭᠤᠯᠠᠨ ᠭᠡᠷ ᠡᠷᠬᠢᠯᠡᠨ ᠬᠢᠭᠰᠡᠨ ᠪᠠᠶᠢᠨ᠎ᠠ᠃ ᠭᠤᠣᠯ ᠮᠠᠲ᠋ᠧᠷᠢᠶᠠᠯ ᠨᠢ ᠰᠠᠭᠠᠭ ᠤᠨ ᠭᠤᠯᠢᠷ᠂ ᠡᠪᠦᠯ ᠵᠤᠨ ᠢ ᠢᠯᠭᠠᠯ ᠦᠭᠡᠢ ᠤᠷᠢᠳᠠᠪᠠᠷ ᠬᠦᠢᠲᠡᠨ ᠤᠰᠤ ᠬᠢᠵᠦ ᠨᠤᠬᠤᠭᠰᠠᠨ ᠤ ᠲᠠᠷᠠᠭ᠎ᠠ ᠪᠠᠷ ᠲᠠᠪᠣᠰᠣ ᠲᠠᠢ ᠤᠰᠤ ᠬᠢᠵᠦ ᠰᠢᠩᠭᠡᠯᠡᠨ᠂ ᠫᠧᠩᠰᠡᠨ ᠳᠤ ᠬᠡᠳᠦᠨ ᠴᠠᠭ ᠲᠠᠯᠪᠢᠨ᠎ᠠ᠃ ᠫᠧᠩᠰᠡᠨ ᠳᠤ ᠪᠦᠲᠦᠭᠡᠯᠭᠡ ᠲᠠᠯᠪᠢᠬᠤ ᠦᠭᠡᠢ᠂ ᠳᠤᠯᠠᠭᠠᠨ ᠤ ᠬᠡᠮᠵᠢᠶ᠎ᠡ ᠨᠢ ᠳᠡᠭᠡᠭᠰᠢᠯᠡᠭᠡᠳ ᠢᠰᠬᠦ ᠠᠴᠠ ᠰᠡᠷᠭᠡᠶᠢᠯᠡᠨ᠎ᠡ᠃ ᠲᠠᠬᠢᠨ ᠭᠤᠯᠢᠷ ᠢᠶᠠᠨ ᠱᠠᠵᠠᠩ ᠠᠶᠠᠭᠠᠨ ᠳᠤ ᠬᠢᠵᠦ᠂ ᠬᠤᠯᠤᠰᠤᠨ ᠵᠢᠩᠨᠡᠭᠦᠷ ᠳᠡᠭᠡᠷ᠎ᠡ ᠲᠦᠷᠭᠡᠨ ᠭᠠᠯ ᠪᠠᠷ ᠬᠤᠷᠳᠤᠨ ᠪᠤᠯᠭᠤᠨ᠎ᠠ᠃ ᠵᠢᠩᠨᠡᠨ ᠪᠤᠯᠭᠤᠭᠰᠠᠨ ᠭᠤᠯᠢᠷ ᠬᠤᠭᠤᠯᠠ ᠪᠠᠨ ᠭᠦᠷᠦᠭᠰᠡᠨ ᠤ ᠰᠡᠭᠦᠯᠡᠷ ᠬᠢᠲᠤᠭ᠎ᠠ ᠪᠠᠷ ᠵᠢᠭᠠᠰᠣᠨ ᠰᠡᠭᠡᠷ ᠤᠨ ᠭᠡᠯᠪᠡᠷᠢ ᠲᠠᠢ ᠨᠠᠷᠢᠨ ᠣᠷᠳᠣ ᠬᠡᠷᠴᠢᠨ᠎ᠡ ᠂ ᠨᠢᠮᠭᠡᠨ ᠮᠥᠷᠲᠡᠭᠡᠨ ᠲᠠᠰᠣᠷᠬᠤ ᠦᠭᠡᠢ᠂ ᠭᠡᠮ ᠲᠠᠢ ᠮᠥᠷᠲᠡᠭᠡᠨ ᠰᠦᠢᠷᠡᠬᠦ ᠦᠭᠡᠢ᠂ ᠨᠢᠭᠡ ᠪᠥᠭᠡᠮ ᠪᠠᠶᠢᠵᠤ᠂ ᠳᠡᠭᠡᠷ᠎ᠡ ᠨᠢ ᠰᠠᠷᠢᠮᠰᠤᠭ᠂ ᠵᠢᠶᠠᠩᠶ᠋ᠢᠦ᠂ ᠼᠦ᠂ ᠮᠠᠭᠠᠵᠢ ᠶᠢᠨ ᠵᠢᠶᠠᠩ ᠵᠡᠷᠭᠡ ᠠᠮᠲᠠ ᠣᠷᠤᠭᠤᠯᠬᠤ ᠡᠳ᠋ ᠶᠢ ᠬᠢᠨ᠎ᠡ᠂ ᠠᠮᠲᠠ ᠲᠠᠢ ᠮᠥᠷᠲᠡᠭᠡᠨ ᠵᠠᠵᠢᠯᠠᠭᠤᠷ ᠲᠠᠢ᠂ ᠬᠠᠯᠠᠭᠤᠨ ᠢ ᠠᠷᠢᠯᠭᠠᠬᠤ ᠰᠠᠶᠢᠬᠠᠨ ᠢᠳᠡᠭᠡᠨ ᠮᠥᠨ ᠃ ᠬᠡᠷᠪᠡ ᠭᠤᠯᠢᠷ ᠤᠨ ᠪᠥᠭᠡᠮ ᠳᠡᠭᠡᠨ ᠵᠣᠬᠢᠬᠤ ᠬᠡᠮᠵᠢᠶᠡᠨ ᠤ ᠭᠠᠭ᠋ᠠᠢ ᠶᠢᠨ ᠴᠢᠰᠤ ᠬᠢᠪᠡᠯ ᠥᠩᠭᠡ ᠨᠢ ᠭᠠᠯ ᠤᠯᠠᠭᠠᠨ ᠪᠠᠶᠢᠵᠤ᠂ ᠶᠡᠬᠡᠳᠡ ᠠᠮᠲᠠᠲᠠᠢ ᠪᠠᠶᠢᠳᠠᠭ᠃ ᠯᠦ ᠣᠪᠣᠭᠲᠠᠨ ᠦᠬᠦᠭᠰᠡᠨ ᠤ ᠲᠠᠷᠠᠭ᠎ᠠ ᠪᠠᠷ ᠬᠦᠦ ᠪᠡᠷᠢ ᠵᠠᠩ ᠶᠢᠨ ᡁᠢ ᠳᠤ ᠮᠡᠷᠭᠡᠵᠢᠯ ᠢᠶᠠᠨ ᠤᠯᠠᠮᠵᠢᠯᠠᠨ᠂ ᠶᠢᠨ ᡁᠢ ᠨᠢ ᠲᠠᠬᠢᠨ ᠬᠡᠦᠬᠡᠨ ᠿᠦᠢ ᠯᠠᠨ᠂ ᠿᠦᠢ ᠴᠢᠨ ᠎ ᠳᠤ ᠤᠯᠠᠮᠵᠢᠯᠠᠨ᠂ ᠣᠳᠣᠬᠠᠨ ᠪᠤᠯᠳᠠᠯ᠎ᠠ ᠲᠤᠬᠠᠢ ᠶᠢᠨ ᠭᠠᠵᠠᠷ ᠤᠨ ᠨᠢᠭᠡᠨ ᠣᠨᠴᠠ ᠢᠳᠡᠭᠡᠨ ᠪᠣᠯᠵᠠᠢ᠃      ᠯᠢᠨᠳᠦᠩ ᠤᠨ ᠬᠡᠷᠴᠢᠮᠡᠯ ᠨᠠᠩᠭᠢ ᠪᠣᠣᠪᠤ  ᠢᠷᠭᠡᠨ ᠤᠯᠤᠰ ᠤᠨ ᠦᠶ᠎ᠡ ᠳᠤ ᠤᠯᠠᠭᠠᠨᠬᠠᠳᠠ ᠠᠴᠠ ᠤᠯᠠᠮᠵᠢᠯᠠᠨ ᠬᠦᠷᠴᠡᠢ᠃ ᠯᠢᠦ ᠰᠢᠶᠣᠣ  ᠪᠢᠶᠠᠨ ᠤ ᠬᠡᠷᠴᠢᠮᠡᠯ ᠨᠠᠩᠭᠢ ᠪᠣᠣᠪᠤ ᠨᠢ ᠬᠠᠮᠤᠭ ᠠᠴᠠ ᠨᠡᠷ᠎ᠡ ᠲᠠᠢ᠃ ᠲᠦᠭᠦᠬᠡᠢ ᠡᠳ᠋ ᠨᠢ ᠪᠠᠶᠠᠨ᠋ᠣ᠋ᠪᠣᠭ᠎ᠠ ᠶᠢᠨ  ᠬᠠᠭᠤᠷᠠᠢ ᠳᠣᠪᠣᠷᠬᠠᠭ ᠭᠠᠵᠠᠷ ᠤᠨ ᠤᠯᠠᠭᠠᠨ ᠰᠢᠯᠦᠬᠡᠢ ᠶᠢ ᠬᠡᠷᠡᠭᠯᠡᠨ᠎ᠡ᠂ ᠨᠠᠭᠠᠯᠢᠩᠬᠠᠢ ᠴᠢᠨᠠᠷ ᠨᠢ ᠰᠠᠶᠢᠨ᠂ ᠰᠢᠷ᠎ᠠ ᠥᠩᠭᠡ ᠲᠠᠢ᠂ ᠬᠢᠵᠦ ᠭᠠᠷᠭᠠᠭᠰᠠᠨ ᠪᠣᠣᠪᠤ ᠨᠢ ᠨᠢᠭᠲᠠ᠂ ᠠᠮᠲᠠ ᠨᠢ ᠰᠠᠶᠢᠬᠠᠨ ᠪᠠᠶᠢᠳᠠᠭ᠃ ᠯᠢᠨᠳᠦᠩ ᠤᠨ ᠬᠡᠷᠴᠢᠮᠡᠯ ᠨᠠᠩᠭᠢ ᠪᠣᠣᠪᠤ ᠨᠢ ᠶᠡᠭᠡ ᠲᠣᠭᠤᠭᠠ ᠳᠤ ᠵᠢᠩᠨᠡᠵᠦ᠂ ᠲᠣᠭᠤᠭ᠎ᠠ ᠪᠦᠷᠢ ᠳᠤ 80 ᠵᠢᠩ ᠭᠤᠯᠢᠷ᠂ ᠤᠯᠠᠭᠠᠨ ᠪᠤᠷᠴᠠᠭ ︵ᠴᠢᠨᠠᠵᠤ ᠪᠤᠯᠭᠤᠭᠰᠠᠨ︶ 20 ᠵᠢᠩ᠂ ᠤᠯᠠᠭᠠᠨ ᠴᠢᠪᠠᠭ᠎ᠠ 5 ᠵᠢᠩ᠂ ᠭᠤᠷᠪᠠᠨ ᠲᠦᠭᠦᠬᠡᠢ ᠡᠳ᠋ ᠨᠢ ᠲᠡᠰ ᠳᠠᠪᠬᠤᠷᠭ᠎ᠠ ᠢᠯᠭᠠᠷᠠᠨ᠂ ᠪᠣᠯᠤᠭᠰᠠᠨ ᠤ ᠲᠠᠷᠠᠭ᠎ᠠ ᠪᠠᠷ ᠨᠢᠭᠡ ᠪᠥᠭᠡᠮ ᠪᠣᠯᠣᠨ᠎ᠠ᠃ ᠠᠮᠪᠠᠨ ᠳᠡᠭᠡᠷ᠎ᠡ ᠲᠠᠯᠪᠢᠵᠤ᠂ ᠬᠥᠪᠥᠩ ᠲᠠᠢ ᠬᠦᠨᠵᠢᠯᠡ ᠪᠠᠷ ᠳᠠᠷᠤᠵᠤ ᠬᠤᠳᠠᠯᠳᠤᠨ᠎ᠠ᠃ ᠣᠯᠠᠩᠬᠢ ᠳᠠᠭᠠᠨ ᠥᠷᠯᠥᠭᠡ ᠡᠷᠲᠡ ᠶᠢᠨ ᠬᠤᠳᠠᠯᠳᠤᠭᠠᠨ ᠳᠤ ᠭᠠᠷᠴᠤ᠂ ᠪᠤᠷᠴᠠᠭ ᠤᠨ ᠲᠠᠯᠬ᠎ᠠ  ᠶᠢᠨ ᠵᠤᠲᠠᠩ ᠲᠠᠢ ᠬᠠᠪᠰᠣᠷᠣᠨ ᠬᠤᠳᠠᠯᠳᠤᠨ᠎ᠠ᠃ ᠦᠨᠦᠷ ᠠᠮᠲᠠ ᠨᠢ ᠣᠨᠴᠠ᠂ ᠦᠨ᠎ᠡ ᠨᠢ ᠬᠢᠮᠳᠠ᠂ ᠲᠠᠷᠢᠶᠠᠴᠢᠳ ᠤᠨ ᠬᠦᠷᠢᠶᠡᠯᠡᠯ ᠶᠢ ᠶᠡᠬᠡᠪᠡᠷ ᠣᠯᠵᠠᠢ᠃      ᠠᠤᠬᠠᠨ ᠤ ᠬᠡᠷᠴᠢᠮᠡᠯ ᠮᠢᠨᠲᠤᠤᠷ  ᠠᠤᠬᠠᠨ ᠨᠢ ᠰᠠᠭᠠᠭ ᠶᠢᠨ ᠭᠤᠯᠢᠷ ᠤᠨ ᠭᠠᠷᠤᠯᠲᠠ ᠪᠠᠷ ᠢᠶᠠᠨ ᠭᠠᠳᠠᠭᠠᠳᠤ ᠳᠣᠲᠣᠭᠠᠳᠤ ᠳᠤ ᠠᠯᠳᠠᠷᠰᠢᠵᠠᠢ᠃ ᠰᠠᠭᠠᠭ ᠤᠨ ᠭᠤᠯᠢᠷ ᠢᠶᠠᠷ ᠬᠢᠭᠰᠡᠨ ᠬᠡᠷᠴᠢᠮᠡᠯ ᠮᠢᠨᠲᠤᠤᠷ ᠨᠢ ᠴᠢᠩ ᠤᠯᠤᠰ ᠤᠨ ᠦᠶ᠎ᠡ ᠳᠤ ᠶᠠᠫᠤᠨ ᠳᠤ ᠬᠦᠷᠳᠡᠯ᠎ᠡ ᠤᠯᠠᠮᠵᠢᠯᠠᠨ ᠳᠡᠮᠵᠢᠵᠡᠢ᠃ ᠬᠡᠷᠴᠢᠮᠡᠯ ᠭᠤᠯᠢᠷ ᠢ ᠬᠢᠬᠦ ᠳᠤ ᠵᠤᠤᠬ᠎ᠠ ᠲᠣᠭᠤᠭ᠎ᠠ᠂ ᠠᠮᠪᠠᠨ᠂ ᠪᠥᠮᠪᠥᠷᠢᠭᠦᠯ᠂ ᠪᠣᠣᠳᠤᠤ ᠬᠡᠷᠡᠭᠯᠡᠨ᠎ᠡ᠃  ᠪᠣᠣᠳᠤᠤ ᠨᠢ ᠡᠩ ᠤᠨ ᠪᠣᠣᠳᠤᠤ ᠠᠴᠠ ᠨᠠᠷᠢᠨ ᠮᠥᠷᠲᠡᠭᠡᠨ ᠣᠷᠳᠦ᠂ ᠬᠤᠶᠠᠷ ᠲᠠᠯ᠎ᠠ ᠳᠠᠭᠠᠨ ᠪᠠᠷᠢᠭᠤᠯ ᠲᠠᠢ᠂ ᠬᠤᠶᠠᠷ ᠭᠠᠷ ᠢᠶᠠᠷ ᠢᠶᠠᠨ ᠠᠰᠢᠭᠯᠠᠬᠤ ᠳᠤ ᠠᠮᠠᠷᠬᠠᠨ᠃ ᠬᠢᠬᠦ ᠠᠷᠭ᠎ᠠ ᠨᠢ᠄ ᠤᠰᠤ ᠪᠠᠨ ᠪᠤᠴᠠᠯᠭᠠᠭᠰᠠᠨ ᠤ ᠲᠠᠷᠠᠭ᠎ᠠ ᠪᠠᠷ ᠠᠮᠪᠠᠨ ᠢᠶᠠᠨ ᠲᠣᠭᠤᠭᠠᠨ ᠤ ᠢᠷᠮᠡᠭ ᠳᠡᠭᠡᠷ᠎ᠡ ᠲᠣᠭᠲᠠᠭᠠᠨ᠂ ᠨᠥᠭᠦᠭᠡ ᠲᠠᠯ᠎ᠠ ᠶᠢ ᠨᠢ ᠭᠡᠳᠡᠰᠦ ᠪᠠᠷ ᠢᠶᠠᠨ ᠲᠤᠯᠵᠤ᠂ ᠠᠮᠪᠠᠨ ᠳᠡᠭᠡᠷ᠎ᠡ ᠰᠠᠭᠠᠭ ᠤᠨ ᠭᠤᠯᠢᠷ ᠤᠨ ᠪᠥᠭᠡᠮ ᠢᠶᠠᠨ ᠲᠠᠯᠪᠢᠵᠤ᠂ ᠵᠢᠭᠠᠬᠠᠨ ᠡᠯᠳᠡᠭᠰᠡᠨ ᠤ ᠲᠠᠷᠠᠭ᠎ᠠ ᠬᠤᠶᠠᠷ ᠭᠠᠷ ᠢᠶᠠᠷ ᠢᠶᠠᠨ ᠪᠣᠣᠳᠤᠤ ᠪᠠᠷᠢᠨ ᠬᠡᠷᠴᠢᠨ᠎ᠡ᠃  ᠬᠡᠷᠴᠢᠬᠦ ᠶᠢᠨ ᠵᠡᠷᠭᠡᠪᠡᠷ ᠪᠤᠴᠠᠯᠵᠤ ᠪᠠᠶᠢᠬᠤ ᠤᠰᠤᠨ ᠳᠤ ᠬᠢᠵᠦ ᠣᠷᠣᠭᠤᠯᠤᠨ᠎ᠠ᠃ ᠬᠢᠵᠦ ᠭᠠᠷᠭᠠᠭᠰᠠᠨ ᠭᠤᠯᠢᠷ ᠨᠢ ᠮᠢᠨᠲᠤᠤᠷ ᠰᠢᠭ  ᠪᠠᠶᠢᠳᠠᠭ᠂ ᠭᠡᠪᠡᠴᠦ ᠬᠡᠷᠴᠢᠬᠦ ᠦᠶ᠎ᠡ ᠳᠤ ᠪᠣᠣᠳᠤᠤ ᠬᠢᠭᠡᠳ ᠠᠮᠪᠠᠨ ᠤ ᠬᠤᠭᠤᠷᠣᠨᠳᠤ ᠵᠢᠭᠠᠬᠠᠨ ᠵᠠᠢ ᠲᠠᠢ ᠪᠠᠶᠢᠵᠤ᠂ ᠬᠡᠷᠴᠢᠬᠦ ᠠᠭᠱᠠᠨ ᠳᠤ ᠵᠠᠪᠰᠠᠷ ᠢᠶᠠᠷ ᠨᠢ ᠰᠢᠬᠠᠭᠳᠠᠨ ᠭᠠᠷᠳᠠᠭ ᠠᠴᠠ᠂ ᠮᠢᠨᠲᠤᠤᠷ ᠨᠢ ᠳᠥᠷᠪᠡᠯᠵᠢᠨ ᠪᠢᠰᠢ ᠬᠠᠷᠢᠨ ᠭᠤᠷᠪᠠᠨ ᠲᠠᠯᠠᠲᠤ ᠪᠠᠶᠢᠳᠠᠭ᠃ ᠠᠶᠠᠭᠠᠨ ᠳᠤ ᠬᠢᠭᠰᠡᠨ ᠤ ᠲᠠᠷᠠᠭ᠎ᠠ ᠭᠤᠱᠤᠭᠤᠨ ᠨᠣᠭᠤᠭ᠎ᠠ ᠲᠠᠢ ᠮᠢᠬ᠎ᠠ ᠬᠤᠯᠢᠵᠤ ᠢᠳᠡᠪᠡᠯ ᠠᠮᠲᠠ ᠨᠢ ᠣᠨᠴᠠᠭᠠᠢ ᠪᠠᠶᠢᠳᠠᠭ᠃      ᠬᠠᠷᠠᠴᠢᠨ ᠤ ᠪᠤᠷᠴᠠᠭᠲᠤ ᠪᠣᠣᠪᠤ  ᠮᠣᠩᠭᠤᠯ ᠬᠥᠮᠥᠨ ᠤ ᠬᠢᠳᠡᠭ ᠪᠤᠷᠴᠠᠭᠲᠤ ᠪᠣᠣᠪᠤ ᠨᠢ ᠬᠢᠲᠠᠳ ᠬᠥᠮᠥᠨ ᠤ ᠬᠢ ᠠᠴᠠ ᠢᠯᠭᠠᠭ᠎ᠠ ᠲᠠᠢ ᠣᠨᠴᠠᠭᠠᠢ ᠠᠷᠭ᠎ᠠ ᠪᠠᠷᠢᠯ ᠲᠠᠢ᠃ ᠲᠦᠭᠦᠬᠡᠢ ᠮᠠᠲ᠋ᠧᠷᠢᠶᠠᠯ ᠨᠢ ᠰᠢᠯᠦᠬᠡᠢ ᠶᠢᠨ ᠭᠤᠯᠢᠷ ᠪᠤᠶᠤ ᠨᠠᠷᠢᠮᠤ ᠶᠢᠨ ᠭᠤᠯᠢᠷ ᠪᠠᠶᠢᠳᠠᠭ᠂ ᠭᠤᠯᠢᠷ ᠢᠶᠠᠨ ᠨᠤᠬᠤᠬᠤ ᠠᠴᠠ ᠡᠮᠦᠨ᠎ᠡ ᠲᠣᠭᠤᠭᠠᠨ ᠳᠠᠭᠠᠨ ᠭᠤᠯᠢᠷ ᠢᠶᠠᠨ ᠬᠠᠭᠠᠰ ᠬᠠᠭᠤᠷᠤᠭᠰᠠᠨ ᠤ ᠲᠠᠷᠠᠭ᠎ᠠ ᠪᠦᠯᠢᠶᠡᠨ ᠤᠰᠤ ᠪᠠᠷ ᠨᠤᠬᠤᠵᠤ ᠢᠰᠬᠡᠨ᠎ᠡ᠂ ᠢᠩᠭᠢᠵᠦ ᠬᠢᠵᠦ ᠭᠠᠷᠭᠠᠭᠰᠠᠨ ᠪᠣᠣᠪᠤ ᠨᠢ ᠬᠦᠴᠢᠯ ᠰᠢᠬᠢᠷ ᠨᠢ ᠲᠣᠬᠢᠷᠠᠮᠵᠢᠲᠠᠢ ᠪᠠᠶᠢᠳᠠᠭ᠃ ᠡᠭᠦᠨ ᠤ ᠬᠠᠮᠲᠤ᠂ ᠮᠣᠩᠭᠤᠯ ᠬᠥᠮᠥᠨ ᠪᠤᠷᠴᠠᠭᠲᠤ ᠪᠣᠣᠪᠤ ᠬᠢᠬᠦ ᠳᠡᠭᠡᠨ ᠤᠯᠠᠭᠠᠨ ᠪᠤᠷᠴᠠᠭ ᠢᠶᠠᠨ ᠬᠡᠮᠭᠡᠯᠡᠳᠡᠭ ᠦᠭᠡᠢ ᠂ ᠳᠣᠲᠣᠷ᠎ᠠ ᠨᠢ ᠪᠠᠰᠠ ᠤᠯᠠᠭᠠᠨ ᠴᠢᠪᠠᠭ᠎ᠠ᠂ ᠲᠠᠤᠯᠠᠢ ᠶᠢᠨ ᠪᠥᠭᠡᠷ᠎ᠡ᠂ ᠬᠤᠰᠢᠭ᠎ᠠ ᠶᠢᠨ ᠴᠥᠮ᠎ᠡ᠂ ᠭᠤᠸᠠ ᠶᠢᠨ ᠦᠷ᠎ᠡ ᠶᠢᠨ ᠴᠥᠮ᠎ᠡ᠂ ᠭᠦᠢᠯᠡᠰᠦ ᠶᠢᠨ ᠬᠡᠷᠴᠢᠮᠡᠯ ᠵᠡᠷᠭᠡ ᠶᠢ ᠬᠢᠳᠡᠭ᠂᠂ ᠭᠠᠳᠠᠷ ᠨᠢ ᠵᠤᠵᠠᠭᠠᠨ᠂ ᠭᠡᠯᠪᠡᠷᠢ ᠨᠢ ᠪᠠᠭᠠᠪᠲᠤᠷ᠂  ᠭᠠᠭ᠋ᠠᠢ ᠶᠢᠨ ᠲᠣᠰᠣ᠂ ᠰᠢᠷ᠎ᠠ ᠲᠣᠰᠣ᠂ ᠤᠯᠠᠭᠠᠨ ᠰᠢᠬᠢᠷ ᠳᠤ ᠲᠦᠷᠢᠵᠦ ᠢᠳᠡᠨ᠎ᠡ᠂ ᠠᠮᠲᠠ ᠨᠢ ᠣᠨᠴᠠ ᠰᠠᠶᠢᠬᠠᠨ᠃ ᠲᠤᠰ ᠢᠳᠡᠭᠡᠨ ᠪᠣᠯ ᠬᠠᠷᠠᠴᠢᠨ ᠸᠠᠩ ᠤᠨ ᠣᠷᠳᠣᠨ ᠨᠢ ᠬᠠᠭᠠᠨ ᠤ ᠣᠷᠳᠣᠨ ᠠᠴᠠ ᠰᠤᠷᠴᠤ ᠢᠷᠡᠭᠡᠳ ᠠᠷᠠᠳ ᠤᠨ ᠳᠤᠮᠳᠠ ᠤᠯᠠᠮᠵᠢᠯᠠᠭᠳᠠᠪᠠ ᠬᠡᠮᠡᠬᠦ ᠤᠯᠠᠮᠵᠢᠯᠠᠯ ᠶᠠᠷᠢᠶ᠎ᠠ ᠲᠠᠢ᠂ ᠬᠤᠵᠢᠮ ᠨᠢ ᠮᠣᠩᠭᠤᠯ ᠪᠤᠷᠴᠠᠭᠲᠤ ᠪᠣᠣᠪᠤ ᠭᠡᠬᠦ ᠨᠡᠷᠡᠶᠢᠳᠦᠯ ᠲᠠᠢ ᠪᠣᠯᠵᠠᠢ᠃ ᠲᠤᠰ ᠢᠳᠡᠭᠡᠨ ᠨᠢ ᠴᠠᠭᠠᠨ ᠰᠠᠷ᠎ᠠ ᠶᠢᠨ ᠬᠤᠭᠤᠴᠠᠭᠠᠨ ᠳᠤ ᠠᠶᠢᠯ ᠪᠣᠯᠭᠠᠨ ᠬᠢᠵᠦ᠂ ᠥᠪᠡᠷᠲᠡᠭᠡᠨ ᠢᠳᠡᠬᠦ ᠪᠠᠷ ᠪᠠᠷᠠᠬᠤ ᠦᠭᠡᠢ ᠰᠠᠳᠤᠨ ᠲᠦᠷᠦᠯ ᠳᠡᠭᠡᠨ ᠬᠦᠷᠭᠡᠬᠦ ᠨᠢᠭᠡᠨ ᠰᠠᠶᠢᠬᠠᠨ ᠪᠡᠯᠡᠭ ᠪᠠᠶᠢᠳᠠᠭ᠃      ᠮᠣᠩᠭᠤᠯ ᠬᠦᠢᠲᠡᠨ ᠹᠧᠨᠲ᠋ᠢᠶᠣᠤᠷ  ᠴᠢᠩ ᠤᠨ ᠦᠶ᠎ᠡ ᠶᠢᠨ ᠬᠠᠭᠠᠨ ᠤ ᠣᠷᠳᠣᠨ ᠤ ᠰᠤᠯᠠ ᠢᠳᠡᠭᠡᠨ᠃ ᠡᠩᠬᠡ ᠠᠮᠤᠭᠤᠯᠠᠩ  ᠤᠨ ᠣᠨ ᠳᠤ᠂ ᠳ᠋ᠤᠸᠠᠨ ᠵᠢᠩ ᠬᠤᠱᠣᠢ ᠭᠦᠩᠵᠦ ᠬᠠᠷᠠᠴᠢᠨ ᠸᠠᠩ ᠳᠤ ᠮᠣᠷᠳᠠᠭᠰᠠᠨ ᠠᠴᠠ ᠮᠣᠩᠭᠤᠯ ᠣᠷᠣᠨ ᠤ ᠳᠡᠭᠡᠳᠦ  ᠳᠠᠪᠬᠤᠷᠭᠠᠲᠠᠨ ᠤ ᠠᠶᠢᠯ ᠡᠷᠦᠬᠡ ᠳᠤ ᠤᠯᠠᠮᠵᠢᠯᠠᠭᠳᠠᠵᠠᠢ᠂ ᠵᠤᠨ ᠤ ᠤᠯᠠᠷᠢᠯ ᠨᠠᠷᠠᠰᠢᠬᠤ ᠶᠢ ᠰᠡᠷᠭᠡᠶᠢᠯᠡᠬᠦ ᠬᠦᠢᠲᠡᠨ ᠢᠳᠡᠭᠡᠨ ᠪᠣᠯᠵᠠᠢ᠃ ᠮᠣᠩᠭᠤᠯ ᠬᠦᠢᠲᠡᠨ ᠹᠧᠨᠲ᠋ᠢᠶᠣᠤᠷ ᠨᠢ ᠰᠠᠭᠠᠭ ᠶᠢᠨ ᠭᠤᠯᠢᠷ ᠢᠶᠠᠷ ᠲᠦᠭᠦᠬᠡᠢ ᠡᠳ᠋ ᠪᠤᠯᠠᠭᠠᠨ᠂ ᠬᠡᠮᠬᠡᠳᠡᠭ ᠪᠣᠯᠭᠠᠵᠤ᠂ ᠲᠠᠬᠢᠨ ᠭᠤᠯᠢᠷ ᠪᠣᠯᠭᠠᠨ ᠲᠠᠭᠯᠠᠭᠳᠠᠵᠤ᠂ ᠥᠷᠭᠡᠨ ᠰᠢᠭᠰᠢᠭᠦᠷ ᠢᠶᠠᠷ ᠭᠡᠮᠳᠠᠢ ᠪᠤᠯᠭᠠᠵᠦ᠂ ᠴᠡᠪᠡᠷ ᠣᠰᠣᠨ ᠳᠤ ᠵᠢᠭᠤᠷᠤᠨ᠂ ᠲᠣᠭᠤᠭᠠᠨ ᠳᠤ ᠬᠢᠵᠦ ᠴᠢᠨᠠᠵᠤ ᠪᠤᠯᠭᠤᠨ᠎ᠠ᠃ ᠭᠠᠷᠭᠠᠭᠰᠠᠨ ᠤ ᠲᠠᠷᠠᠭ᠎ᠠ ᠪᠦᠲᠡᠭᠡᠯᠭᠡ ᠪᠠᠷ ᠪᠦᠲᠡᠭᠡᠭᠦ ᠪᠤᠶᠤ ᠠᠮᠪᠠᠨ ᠳᠡᠭᠡᠷ᠎ᠡ ᠲᠠᠯᠪᠢᠨ᠎ᠠ᠂ ᠭᠦᠷᠦᠭᠰᠡᠨ ᠤ ᠰᠡᠭᠦᠯᠡᠷ ᠰᠢᠯᠯᠢᠭ ᠬᠠᠷᠠᠭᠳᠠᠳᠠᠭ᠃ ᠢᠳᠡᠬᠦ ᠦᠶ᠎ᠡ ᠳᠤ᠂ ᠳᠣᠣᠷ᠎ᠠ ᠪᠠᠨ ᠨᠦᠬᠡ ᠲᠠᠢ ᠵᠢᠰᠢᠭᠦᠦ ᠨᠢᠮᠭᠡᠨ ᠲᠡᠮᠦᠷ ᠬᠠᠪᠲᠠᠰᠤ ᠪᠠᠷ ᠨᠢᠭᠡ ᠳᠠᠪᠬᠤᠷ ᠨᠢᠭᠡ ᠳᠠᠪᠬᠤᠷ ᠢᠶᠠᠷ ᠵᠣᠷᠭᠤᠵᠤ᠂ ᠤᠷᠳᠣ ᠵᠤᠷᠪᠤᠰ ᠪᠣᠯᠭᠠᠨ ᠠᠶᠠᠭᠠᠯᠠᠨ᠎ᠠ᠂ ᠠᠶᠠᠭᠠᠨ ᠳᠤ ᠬᠢᠬᠦ ᠳᠤ  ᠴᠡᠴᠡᠷᠬᠢᠨᠡᠵᠦ᠂ ᠵᠢᠶᠠᠩᠶ᠋ᠢᠦ᠂ ᠼᠦ᠂ ᠦᠨᠦᠷᠲᠦ ᠨᠣᠭᠤᠭ᠎ᠠ᠂ ᠮᠠᠭᠠᠵᠢ ᠶᠢᠨ ᠵᠢᠶᠠᠩ᠂ ᠰᠣᠩᠭᠢᠨ᠎ᠠ ᠶᠢᠨ ᠰᠢᠷᠬᠡᠭ᠂ ᠭᠠᠶᠢᠮᠦ ᠶᠢᠨ ᠲᠠᠯᠬ᠎ᠠ ᠵᠡᠷᠭᠡ ᠠᠮᠲᠠ ᠣᠷᠤᠭᠤᠯᠬᠤ ᠡᠳ᠋ ᠶᠢ ᠬᠢᠵᠦ᠂ ᠠᠮᠲᠠᠲᠤ ᠲᠣᠰᠣ ᠶᠢ ᠳᠤᠰᠤᠭᠠᠳᠠᠭ ᠠᠴᠠ ᠠᠩᠬᠢᠯᠤᠮ᠎ᠠ ᠦᠨᠦᠷ ᠬᠠᠩᠬᠠᠯᠤᠨ᠂ ᠰᠡᠷᠢᠭᠦᠨ ᠰᠠᠶᠢᠬᠠᠨ ᠠᠮᠲᠠᠲᠠᠢ ᠪᠠᠶᠢᠳᠠᠭ᠂ ᠣᠳᠣᠬᠠᠨ ᠪᠤᠯᠳᠠᠯ᠎ᠠ ᠢᠳᠡᠭᠡᠨ ᠳᠤ ᠬᠡᠷᠡᠭᠯᠡᠵᠦ ᠪᠠᠶᠢᠭ᠎ᠠ ᠬᠠᠷᠠᠴᠢᠨ ᠤ ᠤᠯᠠᠮᠵᠢᠯᠠᠯᠲᠤ ᠢᠳᠡᠭᠡᠨ ᠪᠣᠯᠣᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ