ᠣᠨᠴᠠᠯᠢᠭᠲᠤ ᠰᠤᠯᠠ ᠢᠳᠡᠭᠡᠨ ︵ᠨᠢᠭᠡ︶
ᠨᠡᠶᠢᠲᠡᠯᠡᠭᠰᠡᠨ ᠴᠠᠭ᠄
2023/12/5
      ᠤᠯᠠᠭᠠᠨᠬᠠᠳᠠ ᠶᠢᠨ ᠣᠨᠴᠠᠯᠢᠭᠲᠤ ᠰᠤᠯᠠ ᠢᠳᠡᠭᠡᠨ ᠨᠢ ᠣᠷᠳᠦ ᠤᠳᠠᠭᠠᠨ ᠲᠡᠦᠬᠡ ᠲᠠᠢ᠂ ᠲᠦᠷᠦᠯ ᠵᠦᠢᠯ ᠢᠶᠠᠷ ᠣᠯᠠᠨ  ᠪᠠᠶᠢᠳᠠᠭ᠂ ᠨᠡᠯᠢᠶᠡᠳ ᠨᠡᠷ᠎ᠡ ᠎ ᠲᠠᠢ ᠠᠴᠠ ᠨᠢ ᠳᠤᠷᠠᠳᠪᠠᠯ᠂ ᠬᠠᠳᠠ ᠬᠠᠭᠠᠷᠢᠭᠰᠠᠨ ᠪᠣᠣᠪᠤ᠂ ᠮᠢᠬ᠎ᠠ ᠬᠠᠪᠴᠢᠭᠤᠯᠤᠭᠰᠠᠨ ᠪᠣᠣᠪᠤ᠂ ᠱᠣᠣᠪᠢᠩ᠂ ᠬᠠᠳᠠ ᠬᠤᠤᠱᠤᠤᠷ᠂ ᠵᠢᠨᠫᠧᠩ ᠱᠠᠯᠪᠢᠩ᠂ ᠯᠢᠨᠰᠢ ᠶᠢᠨ ᠱᠣᠣᠮᠠᠢ᠂ ᠯᠢᠨᠳᠦᠩ ᠶᠢᠨ ᠬᠡᠷᠴᠢᠮᠡᠯ ᠪᠣᠣᠪᠤ᠂ ᠠᠤᠬᠠᠨ ᠤ ᠬᠡᠷᠴᠢᠮᠡᠯ ᠭᠤᠯᠢᠷ᠂ ᠪᠣᠷᠣᠬᠤᠲᠠ ᠶᠢᠨ ᠭᠤᠯᠢᠷ ᠬᠤᠭᠤᠯᠠ᠂ ᠬᠠᠷᠠᠴᠢᠨ ᠤ ᠬᠦᠢᠲᠡᠨ ᠹᠧᠨᠲ᠋ᠢᠶᠣᠤᠷ᠂ ᠪᠤᠷᠴᠠᠭᠲᠤ ᠪᠣᠣᠪᠤ ᠵᠡᠷᠭᠡ ᠪᠤᠢ᠃      ᠬᠠᠳᠠ ᠬᠠᠭᠠᠷᠢᠭᠰᠠᠨ ᠪᠣᠣᠪᠤ  ᠤᠯᠠᠭᠠᠨᠬᠠᠳᠠ ᠶᠢᠨ ᠣᠨᠴᠠᠯᠢᠭᠲᠤ ᠢᠳᠡᠭᠡᠨ ᠪᠣᠯᠣᠨ᠎ᠠ᠃ ᠴᠢᠯᠦᠭᠡᠯᠡᠭᠳᠡᠭᠰᠡᠨ ᠤ ᠲᠠᠷᠠᠭ᠎ᠠ ᠮᠦᠭᠳᠡᠨ ᠵᠡᠷᠭᠡ ᠬᠤᠳᠠ ᠨᠢ ᠤᠯᠠᠭᠠᠨᠬᠠᠳᠠ ᠠᠴᠠ ᠬᠥᠮᠥᠨ ᠲᠣᠮᠢᠯᠠᠨ ᠮᠡᠷᠭᠡᠵᠢᠯ ᠰᠤᠷᠤᠭᠰᠠᠨ ᠪᠥᠭᠡᠳ ︽ᠯᠢᠶᠤᠤᠨᠢᠩ ᠤᠨ ᠡᠳᠦᠷ ᠤᠨ ᠰᠣᠨᠢᠨ︾᠎ ᠳᠤ ᠮᠡᠳᠡᠭᠡᠯᠡᠵᠡᠢ᠃ ᠬᠠᠳᠠ ᠬᠠᠭᠠᠷᠢᠭᠰᠠᠨ ᠪᠣᠣᠪᠤ ᠶᠢᠨ ᠪᠤᠢ ᠪᠣᠯᠤᠭᠰᠠᠨ ᠨᠢ ᠰᠠᠨᠠᠮᠰᠠᠷ ᠦᠭᠡᠢ ᠤᠴᠢᠷ  ᠪᠠᠶᠢᠵᠠᠢ᠂ ᠪᠠᠷᠤᠭ 150 ᠵᠢᠯ ᠤᠨ ᠡᠮᠦᠨ᠎ᠡ ︵ᠴᠢᠩ ᠤᠯᠤᠰ ᠤᠨ ᠲᠡᠭᠷᠢ ᠲᠡᠳᠬᠦᠭᠴᠢ ᠶᠢᠨ ᠦᠶ᠎ᠡ ᠳᠤ ︶ ᠤᠯᠠᠭᠠᠨᠬᠠᠳᠠ ᠵᠡᠭᠡᠯᠢ ᠶᠢᠨ ᠭᠤᠯᠢᠷ ᠢᠳᠡᠭᠡᠨ ᠤ ᠲᠣᠭᠤᠭᠠᠴᠢ ᠨᠢ ᠪᠤᠷᠴᠠᠭ ᠬᠠᠪᠴᠢᠭᠤᠯᠤᠭᠰᠠᠨ ᠪᠣᠣᠪᠤ ᠬᠢᠬᠦ ᠳᠤ᠂ ᠦᠵᠦᠭᠦᠷ ᠤᠨ ᠭᠤᠯᠢᠷ ᠪᠥᠭᠡᠮ ᠨᠢ ᠬᠡᠦᠷᠡᠭ ᠦᠭᠡᠢ᠂ ᠲᠣᠰᠣ ᠨᠢ ᠠᠷᠪᠢᠨ᠂ ᠰᠢᠮᠡᠳᠡᠰᠦ ᠨᠢ ᠴᠥᠭᠡᠨ ᠠᠴᠠ ᠪᠣᠯᠵᠤ ᠢᠯᠡᠭᠦᠴᠡ ᠭᠤᠯᠢᠷ ᠦᠯᠡᠳᠡᠵᠡᠢ᠃ ᠲᠣᠭᠤᠭᠠᠴᠢ ᠨᠠᠷ ᠠᠷᠭ᠎ᠠ ᠪᠤᠳᠤᠵᠦ᠂ ᠪᠥᠭᠡᠮ ᠭᠤᠯᠢᠷ ᠢᠶᠠᠨ ᠨᠤᠬᠤᠵᠤ᠂ ᠲᠣᠰᠣ ᠲᠠᠢ ᠭᠤᠯᠢᠷ ᠵᠢᠴᠢ ᠰᠢᠬᠢᠷ ᠬᠠᠪᠴᠢᠭᠤᠯᠤᠨ ᠪᠣᠣᠪᠤ ᠪᠣᠯᠭᠠᠵᠤ ᠬᠠᠭᠠᠷᠢᠨ ᠭᠠᠷᠭᠠᠵᠠᠢ᠃ ᠲᠤᠰ ᠪᠦᠲᠦᠭᠡᠭᠳᠡᠬᠦᠨ ᠨᠢ ᠰᠠᠨᠠᠭᠠᠨ ᠳᠤ ᠦᠭᠡᠢ ᠬᠥᠮᠥᠰ ᠤᠨ ᠲᠠᠭᠠᠰᠢᠶᠠᠯ ᠢ ᠲᠠᠲᠠᠵᠠᠢ᠃ ᠡᠭᠦᠨ ᠠᠴᠠ ᠤᠯᠠᠭᠠᠨᠬᠠᠳᠠ ᠬᠤᠳᠠ ᠶᠢᠨ ᠶᠡᠭᠡ ᠬᠤᠭᠤᠯᠠᠨ ᠭᠡᠷ ᠨᠢ ᠥᠷᠢᠰᠦᠯᠳᠦᠨ ᠦᠢᠯᠡᠳᠪᠦᠷᠢᠯᠡᠵᠦ᠂ ᠮᠠᠰᠢ ᠨᠡᠷ᠎ᠡ ᠭᠠᠷᠤᠭᠰᠠᠨ ᠠᠴᠠ ᠲᠣᠰ ᠪᠣᠣᠪᠤ ᠶᠢ ︽ᠬᠠᠳᠠ ᠬᠠᠭᠠᠷᠢᠭᠰᠠᠨ ᠪᠣᠣᠪᠤ︾ ᠭᠡᠵᠦ ᠨᠡᠷᠡᠯᠡᠵᠠᠢ᠃ ᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢᠨ ᠠᠴᠠ ᠤᠯᠠᠮᠵᠢᠯᠠᠭᠳᠠᠨ᠂ ᠬᠤᠸᠠ ᠰᠢᠨ ᠬᠤᠭᠤᠯᠠᠨ ᠭᠡᠷ ᠤᠨ ᠢᠦᠢ ᠴᠢᠤᠸᠠᠨ ᠲᠣᠭᠤᠭᠠᠴᠢ ᠬᠠᠮᠤᠭ ᠰᠠᠶᠢᠨ ᠬᠢᠳᠡᠭ ᠪᠠᠶᠢᠨ᠎ᠠ᠃ ᠢᠦᠢ ᠴᠢᠤᠸᠠᠨ ᠠᠴᠠ ᠮᠢ ᠵᠧᠩ ᠭᠥᠸᠧ ᠎ ᠳᠤ ᠤᠯᠠᠮᠵᠢᠯᠠᠨ᠂ ᠮᠢ ᠣᠪᠣᠭᠲᠠᠨ ᠨᠢ ᠰᠦᠨ ᠵᠢᠩ ᠭᠦᠢ ᠳᠤ ᠤᠯᠠᠮᠵᠢᠯᠠᠵᠠᠢ᠃ ᠬᠠᠳᠠ ᠬᠠᠭᠠᠷᠢᠭᠰᠠᠨ ᠪᠣᠣᠪᠤ ᠨᠢ ᠪᠤᠭᠤᠷᠰᠤᠭ ᠤᠨ ᠲᠦᠷᠦᠯ ᠳᠤ ᠪᠠᠭᠲᠠᠳᠠᠭ᠂ ᠥᠷᠳᠡᠭ ᠨᠢ ᠥᠨᠳᠥᠷ᠂ ᠬᠡᠦᠷᠡᠭ᠂ ᠠᠮᠲᠠ ᠲᠠᠢ᠂ ᠰᠢᠬᠢᠷᠯᠢᠭ ᠵᠡᠷᠭᠡ ᠣᠨᠴᠠᠯᠢᠭ ᠲᠠᠢ᠃ ᠬᠠᠳᠠ ᠬᠠᠭᠠᠷᠢᠭᠰᠠᠨ ᠪᠣᠣᠪᠤ ᠶᠢ ᠬᠢᠬᠦ ᠳᠤ ᠲᠣᠰᠣ ᠪᠠᠷ ᠨᠤᠬᠤᠭᠰᠠᠨ ᠪᠠ ᠤᠰᠤ ᠪᠠᠷ ᠨᠤᠬᠤᠭᠰᠠᠨ ᠭᠤᠯᠢᠷ ᠬᠠᠭᠠᠰ ᠬᠠᠭᠠᠰ ᠪᠠᠶᠢᠳᠠᠭ ᠪᠣᠯᠬᠤᠷ ᠬᠠᠲᠠᠭᠤ ᠵᠥᠭᠡᠯᠡᠨ ᠨᠢ ᠠᠳᠠᠯᠢ ᠪᠠᠶᠢᠳᠠᠭ᠃ ᠭᠤᠯᠢᠷ ᠢᠶᠠᠨ ᠨᠤᠬᠤᠭᠰᠠᠨ ᠤ ᠲᠠᠷᠠᠭ᠎ᠠ ᠪᠠᠷ ᠢᠯᠭᠠᠨ ᠲᠠᠰᠤᠯᠵᠤ᠂ ᠲᠣᠰᠣ ᠲᠠᠢ ᠭᠤᠯᠢᠷ ᠢᠶᠠᠨ ᠤᠰᠤ ᠪᠠᠷ ᠨᠤᠬᠤᠭᠰᠠᠨ ᠭᠤᠯᠢᠷ ᠤᠨ ᠳᠣᠲᠣᠷ ᠨᠢ ᠪᠣᠭᠤᠵᠤ ᠨᠢᠮᠭᠡᠯᠡᠭᠡᠳ᠂ ᠴᠠᠭᠠᠨ ᠰᠢᠬᠢᠷ᠂ ᠦᠨᠦᠷ ᠤᠨ ᠣᠬᠢ᠂ ᠭᠤᠸᠠ ᠶᠢᠨ ᠦᠷ᠎ᠡ᠂ ᠨᠣᠭᠤᠭᠠᠨ ᠤ ᠰᠢᠷᠬᠡᠭ ᠢ ᠬᠢᠵᠦ ᠪᠣᠭᠤᠭᠠᠳ᠂ ᠲᠠᠬᠢᠨ ᠨᠢᠮᠭᠡᠨ ᠪᠣᠣᠪᠤ  ᠪᠣᠯᠭᠠᠳᠠᠭ᠃ ᠬᠠᠭᠠᠷᠢᠬᠤ ᠳᠤ ᠵᠥᠭᠡᠯᠡᠨ ᠭᠠᠯ ᠢᠶᠠᠷ᠂ ᠡᠷᠭᠢᠭᠦᠯᠬᠦ ᠎ ᠳᠤ ᠬᠥᠩᠭᠡᠨ ᠪᠠᠶᠢᠵᠤ᠂ ᠬᠡᠮᠬᠡᠷᠡᠨ ᠰᠦᠢᠷᠡᠬᠦ ᠠᠴᠠ ᠰᠡᠷᠭᠡᠶᠢᠯᠡᠨ᠎ᠡ᠃ ᠪᠣᠣᠪᠤ ᠨᠢ ᠰᠢᠷᠭᠠᠯ ᠥᠩᠭᠡ ᠲᠠᠢ ᠪᠣᠯᠬᠤ ᠳᠤ ᠲᠣᠭᠤᠭᠠᠨ ᠠᠴᠠ ᠭᠠᠷᠭᠠᠨ ᠢᠳᠡᠵᠦ ᠪᠣᠯᠣᠨ᠎ᠠ᠃      ᠮᠢᠬ᠎ᠠ ᠬᠠᠪᠴᠢᠭᠤᠯᠤᠭᠰᠠᠨ ᠪᠣᠣᠪᠤ  ᠬᠠᠭᠤᠴᠢᠨ ᠦᠶ᠎ᠡ ᠳᠤ ᠤᠯᠠᠭᠠᠨᠬᠠᠳᠠ ᠵᠡᠭᠡᠯᠢ ᠶᠢᠨ ᠬᠠᠮᠤᠭ ᠨᠡᠷ᠎ᠡ ᠲᠠᠢ ᠮᠢᠬ᠎ᠠ ᠬᠠᠪᠴᠢᠭᠤᠯᠤᠭᠰᠠᠨ ᠪᠣᠣᠪᠤ ᠬᠢᠳᠡᠭ ᠭᠠᠵᠠᠷ ᠨᠢ ᠹᠦ᠋ ᠱᠧᠩ ᠯᠦᠩ ᠪᠣᠯᠣᠨ᠎ᠠ᠂ ᠢᠷᠭᠡᠨ ᠤᠯᠤᠰ ᠤᠨ 6 ᠣᠨ ︵1917 ᠣᠨ︶᠎ ᠳᠤ ᠲᠠᠷᠢᠶᠠᠴᠢᠨ ᠰᠦ᠋ ᠸᠧᠨ ᠢᠦᠢ ᠡᠷᠬᠢᠯᠡᠨ ᠪᠠᠶᠢᠭᠤᠯᠵᠠᠢ᠃ ᠰᠦ᠋ ᠣᠪᠣᠭᠲᠠᠨ ᠤ ᠤᠭ ᠨᠤᠲᠤᠭ ᠨᠢ ᠾᠧᠪᠧᠢ ᠮᠤᠵᠢ᠂ ᠵᠠᠯᠠᠭᠤ ᠳᠠᠭᠠᠨ ᠪᠡᠭᠡᠵᠢᠩ ᠤᠨ ᠰᠠᠨ ᠯᠢ ᠾᠧ ᠶᠢᠨ ᠪᠧᠢ ᠴᠢᠶᠥᠥ ᠸᠠᠨ ︽ᠢᠦᠢ ᠱᠧᠩ ᠯᠦᠩ︾ ᠮᠢᠬᠠᠨ ᠫᠦᠰᠡᠨ ᠳᠤ ᠱᠠᠪᠢ ᠪᠣᠯᠵᠠᠢ᠃ ᠰᠡᠭᠦᠯᠡᠷ ᠨᠢ ᠤᠯᠠᠭᠠᠨᠬᠠᠳᠠ ᠳᠤ ᠮᠠᠶᠢᠮᠠᠢ ᠬᠢᠵᠡᠢ᠃ ᠮᠥᠩᠭᠦ ᠲᠠᠢ ᠪᠣᠯᠤᠭᠰᠠᠨ ᠤ ᠲᠠᠷᠠᠭ᠎ᠠ ᠨᠢᠭᠡᠳᠦᠭᠡᠷ ᠵᠡᠭᠡᠯᠢ ᠳᠤ ᠹᠦ᠋ ᠰᠢᠩ ᠯᠦᠩ ᠮᠢᠬ᠎ᠠ ᠬᠠᠪᠴᠢᠭᠤᠯᠤᠭᠰᠠᠨ ᠪᠣᠣᠪᠤ ᠶᠢᠨ ᠫᠦᠰᠡ ᠶᠢ ᠨᠡᠭᠡᠭᠡᠭᠰᠡᠨ ᠪᠠᠶᠢᠨ᠎ᠠ᠃ ᠲᠤᠰ ᠫᠦᠰᠡ ᠶᠢᠨ ᠮᠢᠬ᠎ᠠ ᠬᠠᠪᠴᠢᠭᠤᠯᠤᠭᠰᠠᠨ ᠪᠣᠣᠪᠤ ᠨᠢ ᠾᠧᠪᠧᠢ ᠮᠤᠵᠢ ᠶᠢᠨ ᠪᠡᠭᠡᠵᠢᠩ ᠲᠠᠩᠱᠠᠨ ᠣᠷᠣᠨ ᠤ ︽ᠡᠯᠵᠢᠭᠡᠨ ᠮᠢᠬᠠᠨ ᠤ ᠬᠤᠤᠱᠤᠤᠷ︾᠎ ᠢ ᠳᠠᠭᠤᠷᠢᠶᠠᠨ᠂ ᠪᠠᠰᠠ ᠬᠠᠭᠠᠨ ᠤ ᠣᠷᠳᠣᠨ ᠤ ᠮᠢᠬ᠎ᠠ ᠰᠢᠷᠠᠬᠤ ᠮᠡᠷᠭᠡᠵᠢᠯ ᠶᠢ ᠤᠶᠠᠯᠳᠤᠭᠤᠯᠤᠨ ᠬᠢᠵᠡᠢ᠃ ᠰᠦ᠋ ᠣᠪᠣᠭᠲᠠᠨ ᠪᠡᠭᠡᠵᠢᠩ ᠳᠤ ᠱᠠᠪᠢ ᠪᠠᠶᠢᠬᠤ ᠦᠶᠡᠰ ᠲᠡᠭᠦᠨ ᠤ ᠰᠠᠳᠤᠨ ᠯᠢᠶᠠᠩ ᠣᠪᠣᠭᠲᠠᠨ ᠨᠢ ᠬᠠᠭᠠᠨ ᠤ ᠣᠷᠳᠣᠨ ᠤ ︽ᠬᠡᠷᠡᠭ ᠮᠡᠳᠡᠭᠦᠯᠬᠦ ᠭᠠᠵᠠᠷ︾᠎ ᠲᠤ ᠲᠣᠭᠤᠭᠠᠴᠢ ᠪᠣᠯᠵᠤ᠂ ︽ᠢᠦᠢ ᠱᠧᠩ ᠯᠦᠩ︾᠎ ᠳᠤ ᠦᠷᠭᠦᠯᠵᠢ ᠬᠦᠷᠴᠦ ᠮᠢᠬ᠎ᠠ ᠠᠪᠳᠠᠭ ᠠᠴᠠ ᠣᠷᠳᠣᠨ ᠤ ᠳᠣᠲᠣᠷᠠᠬᠢ ᠮᠢᠬ᠎ᠠ ᠰᠢᠷᠠᠬᠤ ᠮᠡᠷᠭᠡᠵᠢᠯ᠂ ᠲᠠᠬᠢᠶ᠎ᠠ ᠰᠢᠷᠠᠬᠤ ᠮᠡᠷᠭᠡᠵᠢᠯ ᠢᠶᠠᠨ ᠰᠦ᠋ ᠣᠪᠣᠭᠲᠠᠨ ᠳᠤ ᠤᠯᠠᠮᠵᠢᠯᠠᠭᠰᠠᠨ ᠪᠠᠶᠢᠨ᠎ᠠ᠃ ᠰᠦ᠋ ᠣᠪᠣᠭᠲᠤ ᠶᠢᠨ ᠪᠣᠣᠪᠤ ᠶᠢᠨ ᠫᠦᠰᠡ ᠮᠢᠬ᠎ᠠ ᠴᠢᠨᠠᠬᠤ ᠎ ᠳᠤ ᠪᠠᠨ ᠬᠤᠸᠠᠵᠢᠶᠤᠤ᠂ ᠠᠮᠲᠠ ᠣᠷᠣᠭᠤᠯᠤᠭᠴᠢ᠂ ᠪᠤᠷᠴᠠᠭ ᠤᠨ ᠲᠠᠯᠬ᠎ᠠ᠂ ᠭᠤᠣᠯᠲᠤ ᠪᠣᠷᠣ ᠵᠡᠷᠭᠡ 10 ᠭᠠᠷᠤᠢ ᠵᠦᠢᠯ ᠤᠨ ᠠᠮᠲᠠ ᠣᠷᠣᠭᠤᠯᠬᠤ ᠡᠳ᠋ ᠬᠢᠳᠡᠭ ᠪᠥᠭᠡᠳ ᠴᠢᠨᠠᠵᠤ ᠪᠤᠯᠭᠤᠭᠰᠠᠨ ᠤ ᠲᠠᠷᠠᠭ᠎ᠠ ᠰᠢᠷᠠᠵᠤ᠂ ᠰᠢᠬᠢᠷ ᠲᠠᠢ ᠲᠣᠭᠤᠭᠠᠨ ᠤ ᠬᠠᠯᠠᠭᠤᠨ ᠠᠭᠤᠷ ᠢᠶᠠᠷ ᠭᠠᠭ᠋ᠠᠢ ᠶᠢᠨ ᠮᠢᠬ᠎ᠠ ᠶᠢ ᠤᠲᠤᠵᠦ᠂ ᠵᠢᠭᠠᠬᠠᠨ ᠤᠯᠠᠪᠳᠣᠷ ᠪᠣᠯᠭᠠᠳᠠᠭ᠃ ᠪᠣᠣᠪᠤ ᠬᠢᠬᠦ ᠳᠤ ᠭᠤᠯᠢᠷ ᠢᠶᠠᠨ ᠰᠠᠶᠢᠨ ᠨᠤᠬᠤᠵᠤ᠂ ᠨᠢᠭᠡ ᠬᠡᠮᠵᠢᠶᠡᠨ ᠤ ᠲᠣᠰᠣ ᠬᠤᠯᠢᠵᠤ᠂ ᠨᠠᠷᠢᠮᠤ ᠪᠤᠳᠠᠭᠠᠨ ᠤ ᠭᠤᠯᠢᠷ ᠪᠤᠶᠤ ᠮᠣᠩᠭᠤᠯ ᠠᠮᠤ ᠶᠢᠨ ᠭᠤᠯᠢᠷ ᠢᠶᠠᠨ ᠲᠣᠰᠣ ᠪᠠᠷ ᠭᠦᠢᠴᠡᠳ ᠳᠡᠪᠲᠦᠭᠡᠨ ᠪᠣᠣᠪᠤ ᠳᠡᠭᠡᠷ᠎ᠡ ᠲᠦᠷᠬᠢᠵᠦ᠂ ᠵᠥᠭᠡᠯᠡᠨ ᠭᠠᠯ ᠢᠶᠠᠷ ᠰᠢᠷᠠᠵᠤ ᠪᠤᠯᠭᠤᠨ᠎ᠠ᠃ ᠢᠩᠭᠢᠵᠦ ᠪᠤᠯᠭᠤᠭᠰᠠᠨ ᠪᠣᠣᠪᠤ ᠶᠢᠨ ᠭᠠᠳᠠᠨᠠᠬᠢ ᠨᠢ ᠬᠡᠦᠷᠡᠭ ᠳᠣᠲᠣᠷᠠᠬᠢ ᠨᠢ ᠵᠥᠭᠡᠯᠡᠨ᠂ ᠰᠠᠶᠢᠬᠠᠨ ᠠᠮᠲᠠ ᠲᠠᠢ᠂ ᠳᠠᠬᠢᠨ ᠬᠢᠳᠤᠭ᠎ᠠ ᠪᠠᠷ ᠣᠭᠲᠣᠯᠣᠨ ᠰᠢᠷᠠᠮᠠᠯ ᠮᠢᠬ᠎ᠠ ᠶᠢ ᠬᠠᠪᠴᠢᠭᠤᠯᠵᠤ ᠬᠢᠨ᠎ᠡ᠂ ᠲᠦᠭᠦᠮ ᠮᠥᠷᠲᠡᠭᠡᠨ ᠠᠮᠲᠠᠲᠠᠢ ᠪᠠᠶᠢᠳᠠᠭ᠃      ᠬᠠᠳᠠ ᠬᠤᠤᠱᠤᠤᠷ  ᠤᠯᠠᠭᠠᠨᠬᠠᠳᠠ ᠳᠤ 200 ᠭᠠᠷᠤᠢ ᠵᠢᠯ ᠤᠨ ᠲᠡᠦᠬᠡ ᠲᠠᠢ᠃ ᠳᠦᠷᠰᠦ ᠲᠥᠯᠥᠪ ᠨᠢ ᠳᠡᠭᠡᠷ᠎ᠡ  ᠳᠣᠣᠷᠠᠬᠢ ᠶᠢ ᠨᠢ ᠨᠡᠶᠢᠯᠡᠭᠦᠯᠦᠭᠰᠡᠨ ᠲᠣᠭᠤᠷᠢᠭ ᠬᠠᠶᠢᠷᠴᠠᠭ ᠰᠢᠭ᠋ ᠪᠠᠶᠢᠳᠠᠭ᠃ ᠣᠨᠴᠠᠯᠢᠭ ᠨᠢ ᠳᠠᠷᠤᠬᠤ ᠠᠴᠠ ᠠᠶᠤᠬᠤ ᠦᠭᠡᠢ᠂ ᠬᠥᠯᠳᠡᠬᠦ ᠠᠴᠠ ᠠᠶᠤᠬᠤ ᠦᠭᠡᠢ᠂ ᠨᠠᠷᠠᠨ ᠳᠤ ᠰᠢᠷᠠᠬᠤ ᠠᠴᠠ ᠠᠶᠤᠬᠤ ᠦᠭᠡᠢ᠂ ᠢᠯᠵᠠᠷᠠᠬᠤ ᠠᠴᠠ ᠠᠶᠤᠬᠤ ᠦᠭᠡᠢ᠂ ᠬᠤᠯᠠ ᠵᠠᠮ ᠬᠥᠭᠡᠭᠡᠬᠦ ᠳᠤ ᠲᠦᠭᠦᠮ ᠪᠠᠶᠢᠳᠠᠭ ᠬᠤᠭᠤᠯᠠ ᠪᠣᠯᠣᠨ᠎ᠠ᠃ ᠬᠤᠤᠱᠤᠤᠷ ᠢ ᠬᠢᠬᠦ ᠳᠤ ᠭᠤᠣᠯ ᠲᠦᠭᠦᠬᠡᠢ ᠡᠳ᠋ ᠨᠢ ᠪᠤᠭᠤᠳᠠᠢ ᠶᠢᠨ ᠭᠤᠯᠢᠷ ᠪᠣᠯᠣᠨ᠎ᠠ᠃ ᠤᠷᠢᠳᠠᠪᠠᠷ ᠭᠤᠯᠢᠷ ᠢᠶᠠᠨ ᠬᠠᠲᠠᠭᠤ ᠨᠤᠬᠤᠵᠤ᠂ ᠪᠡᠯᠡᠳᠬᠡᠵᠦ ᠲᠠᠯᠪᠢᠭᠰᠠᠨ ᠰᠠᠪᠠᠭ᠎ᠠ ᠪᠠᠨ ᠭᠤᠯᠢᠷ ᠤᠨ ᠬᠠᠪᠲᠠᠰᠤ ᠶᠢᠨ ᠨᠦᠭᠦᠭᠡ ᠲᠠᠯ᠎ᠠ ᠳᠠᠬᠢ ᠲᠡᠮᠦᠷ ᠭᠠᠷᠠᠬ᠎ᠠ ᠳᠤ ᠬᠢᠵᠦ᠂ ᠬᠤᠶᠠᠷ ᠭᠠᠷ ᠢᠶᠠᠷ ᠢᠶᠠᠨ ᠨᠦᠭᠦᠭᠡ ᠲᠠᠯ᠎ᠠ ᠶᠢ ᠨᠢ ᠪᠠᠷᠢᠵᠤ ᠨᠠᠰᠢ ᠴᠠᠰᠢ ᠰᠢᠬᠠᠨ ᠬᠡᠪᠰᠢᠭᠦᠯᠦᠭᠰᠡᠨ ᠤ ᠲᠠᠷᠠᠭ᠎ᠠ ᠪᠠᠷ ᠭᠤᠯᠢᠷ ᠢᠶᠠᠨ ᠲᠠᠰᠤᠳᠠᠨ ᠮᠦᠭᠦᠨ ᠭᠡᠯᠪᠡᠷᠢ ᠲᠠᠢ ᠪᠣᠯᠭᠠᠨ᠂ ᠬᠡᠪ ︵ᠮᠣᠳᠣ ᠪᠠᠷ ᠬᠢᠭᠰᠡᠨ ᠬᠡᠪ᠂ ᠨᠢᠳᠤᠷᠭᠠᠨ ᠴᠢᠨᠡᠭᠡ᠂ ᠢᠮᠠᠬᠤ ᠵᠤᠵᠠᠭᠠᠨ᠂ ᠳᠤᠮᠳᠠ ᠨᠢ ᠲᠤᠰ ᠬᠤᠭᠤᠯᠠᠨ ᠭᠡᠷ ᠤᠨ ᠨᠡᠷ᠎ᠡ ᠨᠢ ᠪᠠᠶᠢᠨ᠎ᠠ︶᠎ ᠳᠤ ᠬᠢᠵᠦ᠂ ᠭᠠᠷ ᠢᠶᠠᠷ ᠢᠶᠠᠨ ᠰᠠᠶᠢᠲᠤᠷ ᠳᠠᠷᠤᠭᠰᠠᠨ ᠤ ᠲᠠᠷᠠᠭ᠎ᠠ ᠪᠠᠷ ᠬᠡᠪ ᠠᠴᠠ ᠨᠢ ᠲᠣᠭᠰᠢᠵᠤ ᠭᠠᠷᠭᠠᠨ ᠵᠤᠤᠬᠠᠨ ᠳᠤ ᠰᠢᠷᠠᠨ᠎ᠠ᠃ ᠰᠢᠷᠠᠬᠤ ᠵᠤᠤᠬ᠎ᠠ ᠨᠢ ᠲᠣᠭᠤᠷᠢᠭ ᠬᠡᠯᠪᠡᠷᠢᠲᠡᠢ᠂ ᠣᠷᠳᠦ ᠥᠷᠭᠡᠨ ᠨᠢ 1.8 ᠲᠣᠬᠤᠢ᠂ ᠰᠢᠷᠠᠬᠤ ᠳᠤ ᠬᠤᠶᠠᠷ ᠲᠠᠯ᠎ᠠ ᠶᠢ ᠨᠢ ᠢᠯᠭᠠᠨ ᠰᠢᠷᠠᠨ᠎ᠠ᠂ ᠨᠢᠭᠡ ᠲᠠᠯ᠎ᠠ ᠶᠢ ᠨᠢ ᠰᠢᠷᠠᠵᠤ ᠪᠤᠯᠭᠤᠭᠰᠠᠨ ᠤ ᠲᠠᠷᠠᠭ᠎ᠠ ᠪᠠᠷ ᠨᠢ ᠡᠷᠭᠢᠭᠦᠯᠬᠦ ᠳᠤ ᠳᠠᠷᠤᠭᠤᠯ ᠢᠶᠠᠷ ᠬᠤᠤᠱᠤᠤᠷ ᠤᠨ ᠭᠤᠣᠯ ᠳᠤᠮᠳᠠ ᠨᠢ ᠨᠢᠭᠡ ᠴᠠᠭᠠᠷᠢᠭ ᠵᠢᠷᠤᠵᠤ᠂ ᠲᠠᠬᠢᠨ ᠨᠦᠭᠦᠭᠡ ᠲᠠᠯ᠎ᠠ ᠶᠢ ᠨᠢ ᠰᠢᠷᠠᠨ᠎ᠠ᠃ ᠰᠢᠷ᠎ᠠ ᠥᠩᠭᠡ ᠲᠠᠢ ᠪᠣᠯᠪᠠᠯ ᠲᠣᠭᠤᠭᠠᠨ ᠠᠴᠠ ᠭᠠᠷᠭᠠᠨ᠎ᠠ᠃ ᠤᠯᠠᠭᠠᠨᠬᠠᠳᠠ ᠵᠡᠭᠡᠯᠢ ᠳᠤ ᠬᠤᠤᠱᠤᠤᠷ ᠬᠢᠳᠡᠭ ᠨᠢ ᠬᠤᠲᠣᠩ ᠬᠥᠮᠥᠨ ᠣᠯᠠᠩᠬᠢ ᠶᠢ ᠡᠵᠡᠯᠡᠵᠦ᠂ ᠴᠢᠩ ᠤᠨ ᠰᠡᠭᠦᠯᠴᠢ ᠢᠷᠭᠡᠨ ᠤᠯᠤᠰ ᠤᠨ ᠡᠬᠢ ᠪᠠᠷ 20 ᠭᠠᠷᠤᠢ ᠬᠤᠤᠱᠤᠤᠷ ᠤᠨ ᠫᠦᠰᠡᠨ ᠳᠣᠲᠣᠷ᠎ᠠ ︽ᠬᠤᠤᠱᠤᠤᠷ ᠯᠢᠦ︾᠂ ᠪᠠᠢ ᠴᠢ ᠼᠠᠢ᠂ ᠯᠢ ᠹᠧᠩ ᠴᠢᠩ ᠭᠤᠷᠪᠠ ᠨᠢ ᠬᠠᠮᠤᠭ ᠠᠴᠠ ᠨᠡᠷ᠎ᠡ ᠲᠠᠢ ᠪᠠᠶᠢᠵᠠᠢ᠃      ᠸᠠᠭᠠᠷ ᠤᠨ ᠵᠤᠤᠬᠠᠨ ᠱᠣᠣᠪᠢᠩ  ᠵᠤᠤᠬᠠᠨ ᠭᠠᠯ ᠢᠶᠠᠷ ᠸᠠᠭᠠᠷ ᠰᠠᠪᠠ ᠢᠶᠠᠨ ᠬᠠᠯᠠᠭᠠᠵᠤ ᠰᠢᠲᠠᠭᠠᠵᠤ ᠪᠤᠯᠭᠤᠭᠰᠠᠨ ᠱᠤᠤᠪᠢᠩ ᠪᠣᠯᠣᠨ᠎ᠠ᠃ ᠢᠷᠭᠡᠨ ᠤᠯᠤᠰ ᠤᠨ ᠦᠶ᠎ᠡ ᠳᠤ ᠯᠢᠩ ᠶᠤᠸᠠᠨ ᠤ ᠬᠥᠮᠥᠨ ᠸᠠᠩ ᠽᠢ ᠶᠦᠨ ᠤᠯᠠᠭᠠᠨᠬᠠᠳᠠ ᠳᠤ ᠤᠯᠠᠮᠵᠢᠯᠠᠵᠠᠢ᠃ ᠬᠢᠬᠦ ᠠᠷᠭ᠎ᠠ ᠨᠢ᠄ ᠨᠢᠭᠡ ᠮᠧᠲᠷ ᠣᠷᠳᠦ ᠵᠤᠤᠬ᠎ᠠ ᠪᠠᠷᠢᠵᠤ ᠂ ᠬᠠᠭᠠᠰ ᠸᠠᠭᠠᠷ ᠤᠨ ᠭᠠᠩ ᠲᠠᠯᠪᠢᠵᠤ᠂ ᠳᠤᠮᠳᠠ ᠨᠢ ᠨᠢᠭᠡ ᠲᠣᠬᠤᠢ ᠵᠠᠢ ᠲᠠᠢ᠃ ᠭᠤᠯᠢᠷ ᠢᠶᠠᠨ ᠤᠰᠤ ᠲᠠᠢ ᠬᠤᠯᠢᠵᠤ ᠬᠠᠲᠠᠭᠤ ᠨᠤᠬᠤᠨ᠂ ᠲᠣᠭᠤᠷᠢᠭ ᠪᠣᠣᠪᠤ ᠪᠣᠯᠭᠠᠨ ᠭᠠᠮᠵᠢᠩᠳᠠᠵᠤ᠂ ᠨᠢᠭᠡ ᠨᠢᠭᠡ ᠪᠠᠷ ᠲᠠᠰᠣᠳᠠᠨ᠂ ᠲᠠᠬᠢᠨ  ᠭᠠᠮᠵᠢᠩᠳᠠᠵᠤ᠂ ᠮᠠᠭᠠᠵᠢ ᠲᠦᠷᠬᠢᠵᠦ ᠬᠤᠸᠠᠷᠯᠠᠨ᠂ ᠸᠠᠭᠠᠷ ᠤᠨ ᠳᠡᠭᠡᠷ᠎ᠡ ᠲᠠᠯᠪᠢᠨ ᠰᠢᠷᠠᠵᠤ᠂ ᠰᠢᠷᠭᠠᠯ ᠥᠩᠭᠡ ᠲᠠᠢ ᠪᠣᠯᠪᠠᠯ ᠲᠣᠭᠤᠭᠠᠨ ᠠᠴᠠ ᠭᠠᠷᠭᠠᠨ᠎ᠠ᠃ ᠲᠤᠰ ᠮᠠᠶ᠋ᠢᠭ ᠤᠨ ᠱᠣᠣᠪᠢᠩ ᠨᠢ ᠬᠢᠬᠦ ᠠᠷᠭ᠎ᠠ ᠶᠢᠨ ᠲᠠᠯ᠎ᠠ ᠪᠠᠷ ᠨᠠᠷᠢᠯᠢᠭ ᠶᠠᠪᠤᠴᠠ ᠲᠠᠢ᠂ ᠸᠠᠭᠠᠷ ᠤᠨ ᠰᠠᠪᠠᠨ ᠳᠣᠲᠣᠷ᠎ᠠ ᠬᠤᠳᠤᠭᠤᠷ ᠭᠦᠳᠦᠭᠦᠷ ᠭᠡᠯᠪᠡᠷᠢ ᠲᠠᠢ ᠤᠴᠢᠷ ᠠᠴᠠ ᠬᠦᠢᠲᠡᠨ ᠪᠤᠶᠤ ᠬᠠᠯᠠᠭᠤᠨ ᠱᠣᠣᠪᠢᠩ ᠨᠢ ᠭᠤᠯᠭᠤᠨ ᠪᠠᠭᠤᠳᠠᠭ᠃ ᠸᠠᠭᠠᠷ ᠤᠨ ᠵᠤᠤᠬᠠᠨ ᠱᠣᠣᠪᠢᠩ ᠤᠨ ᠣᠨᠴᠠᠯᠢᠭ ᠭᠡᠪᠡᠯ᠄ ᠰᠢᠲᠠᠬᠤ ᠦᠭᠡᠢ᠂ ᠠᠮᠲᠠᠲᠠᠢ ᠬᠡᠦᠷᠡᠭ ᠪᠠᠶᠢᠳᠠᠭ᠃      ᠵᠢᠩᠫᠧᠩ ᠶᠢᠨ ᠱᠠᠯᠪᠢᠩ  ᠪᠢᠷᠠᠭᠤ ᠶᠢᠨ ᠱᠠᠯᠪᠢᠩ ᠨᠢ ᠲᠦᠷᠦ ᠬᠡᠷᠡᠯᠳᠦ ᠶᠢᠨ ᠣᠨ ᠳᠤ ᠱᠠᠨᠰᠢ ᠶᠢᠨ ᠱᠠᠨ ᠣᠪᠣᠭᠲᠠᠨ ᠠᠴᠠ ᠤᠯᠠᠮᠵᠢᠯᠠᠨ ᠣᠷᠣᠵᠤ ᠢᠷᠡᠪᠡ ᠃ ᠲᠠᠬᠢᠨ ᠲᠤᠰ ᠣᠷᠣᠨ ᠤ ᠸᠠᠩ ᠨᠣᠶᠠᠨ ᠳᠤ ᠱᠠᠯᠪᠢᠩ ᠬᠢᠳᠡᠭ ᠵᠠᠷᠤᠴᠠ ᠶᠢᠨ ᠣᠨᠴᠠ ᠮᠡᠷᠭᠡᠵᠢᠯ ᠲᠠᠢ ᠤᠶᠠᠯᠳᠤᠭᠤᠯᠤᠨ᠂ ᠮᠣᠩᠭᠤᠯ ᠬᠢᠲᠠᠳ ᠮᠡᠷᠭᠡᠵᠢᠯ ᠤᠨ ᠬᠠᠮᠲᠤᠷᠠᠭᠰᠠᠨ ᠪᠦᠲᠦᠭᠡᠭᠳᠡᠬᠦᠨ ᠪᠣᠯᠵᠠᠢ᠃ ᠬᠢᠬᠦ ᠠᠷᠭ᠎ᠠ ᠨᠢ᠄ ᠳᠣᠲᠣᠷ᠎ᠠ ᠨᠢ ᠪᠢᠷᠠᠭᠤ ᠶᠢᠨ ᠮᠢᠬ᠎ᠠ ︵ᠬᠠᠪᠢᠷᠭᠠᠨ ᠤ ᠥᠭᠡᠬᠦ ᠲᠠᠢ ᠮᠢᠬ᠎ᠠ︶᠎ ᠶᠢ  ᠨᠢᠴᠠᠯᠠᠨ  ᠬᠡᠷᠴᠢᠵᠦ᠂ ᠳᠡᠭᠡᠷ᠎ᠡ ᠨᠢ ᠰᠣᠩᠭᠢᠨ᠎ᠠ᠂ ᠭᠠ᠂ ᠬᠤᠧᠠᠵᠢᠶᠣᠣ᠂ ᠠᠮᠲᠠ ᠲᠣᠬᠢᠷᠠᠭᠤᠯᠤᠭᠴᠢ᠂ ᠪᠤᠷᠴᠠᠭ ᠤᠨ ᠲᠠᠯᠬ᠎ᠠ᠂ ᠳᠠᠪᠤᠰᠤ ᠵᠡᠷᠭᠡ ᠡᠯ᠎ᠡ ᠵᠦᠢᠯ ᠤᠨ ᠬᠤᠯᠢᠰᠢ ᠶᠢ ᠴᠤᠭ ᠬᠢᠵᠦ ᠮᠢᠬᠠᠨ ᠪᠥᠭᠡᠮ ᠪᠣᠯᠭᠠᠨ᠂ ᠱᠠᠭᠠᠵᠠᠩ ᠰᠠᠪᠠᠨ ᠳᠤ ᠬᠢᠵᠦ ᠪᠦᠲᠡᠭᠡᠨ 2 ---3 ᠴᠠᠭ ᠤᠨ ᠲᠠᠷᠠᠭ᠎ᠠ ᠬᠡᠷᠡᠭᠯᠡᠨ᠎ᠡ᠃ ᠭᠠᠳᠠᠷ ᠨᠢ ᠨᠠᠷᠢᠯᠢᠭ ᠭᠤᠯᠢᠷ ᠢ ᠬᠡᠷᠡᠭᠯᠡᠨ᠂ ᠪᠦᠯᠢᠶᠡᠨ ᠤᠰᠤ ᠪᠠᠷ ᠵᠢᠭᠤᠷᠠᠨ ᠨᠤᠬᠤᠵᠤ᠂ ᠲᠠᠬᠢᠨ ᠭᠤᠯᠢᠷ ᠢᠶᠠᠨ ᠨᠢᠭᠡ ᠴᠠᠭ ᠲᠠᠯᠪᠢᠭᠰᠠᠨ ᠤ ᠲᠠᠷᠠᠭ᠎ᠠ ᠬᠡᠷᠡᠭᠯᠡᠨ᠎ᠡ᠃ ᠵᠢᠭᠠᠬᠠᠨ ᠬᠤᠳᠣᠭᠤᠷ ᠢᠷᠤᠭᠠᠷ ᠎ ᠲᠠᠢ ᠲᠡᠭᠰᠢ ᠲᠣᠭᠤᠭ᠎ᠠ ᠶᠢ ᠬᠡᠷᠡᠭᠯᠡᠨ ᠲᠣᠰᠣ ᠪᠠᠨ ᠬᠠᠯᠠᠭᠰᠠᠨ ᠤ ᠲᠠᠷᠠᠭ᠎ᠠ ᠪᠣᠣᠪᠤ ᠪᠠᠨ ᠬᠢᠵᠦ ᠬᠠᠭᠠᠷᠢᠨ᠎ᠠ᠂ ᠭᠠᠳᠠᠷ ᠬᠠᠯᠢᠰᠤ ᠨᠢ ᠬᠡᠦᠷᠰᠢᠬᠦ ᠮᠠᠶ᠋ᠢᠭ ᠭᠠᠷᠪᠠᠯ ᠭᠠᠯ ᠢ ᠎ ᠨᠢ ᠪᠠᠭᠠᠰᠬᠠᠨ ᠰᠢᠷᠠᠵᠤ᠂ ᠨᠢᠭᠡ ᠲᠠᠯ᠎ᠠ ᠨᠢ ᠪᠣᠯᠪᠠᠯ ᠲᠡᠭᠰᠢ ᠬᠤᠰᠤᠭᠤᠷ ᠢᠶᠠᠷ ᠨᠦᠭᠦᠭᠡ ᠲᠠᠯ᠎ᠠ ᠶᠢ ᠨᠢ ᠰᠣᠯᠢᠵᠤ᠂ ᠰᠢᠷᠭᠠᠯ ᠥᠩᠭᠡ ᠲᠠᠢ ᠪᠣᠯᠪᠠᠯ ᠲᠣᠭᠤᠭᠠᠨ ᠠᠴᠠ ᠭᠠᠷᠭᠠᠨ᠎ᠠ᠃ ᠱᠠᠯᠪᠢᠩ ᠬᠢᠬᠦ ᠳᠤ ᠮᠡᠷᠭᠡᠵᠢᠯ ᠤᠨ ᠱᠠᠭᠠᠷᠳᠠᠯᠭ᠎ᠠ ᠲᠠᠢ᠂ ᠭᠠᠳᠠᠷ ᠬᠠᠯᠢᠰᠤ ᠨᠢ ᠨᠢᠮᠭᠡᠨ ᠮᠥᠷᠲᠡᠭᠡᠨ ᠨᠡᠪᠲᠡ ᠦᠵᠡᠭᠳᠡᠨ᠂ ᠳᠣᠲᠣᠷ ᠭᠤᠣᠯ ᠨᠢ ᠵᠢᠭᠳᠡ ᠲᠡᠩᠴᠡᠭᠦᠦ ᠪᠠᠶᠢᠵᠤ᠂ ᠪᠣᠭᠤᠭᠰᠠᠨ ᠤ ᠲᠠᠷᠠᠭ᠎ᠠ ᠭᠠᠷ ᠢᠶᠠᠷ ᠢᠶᠠᠨ ᠳᠠᠷᠤᠵᠤ ᠲᠡᠭᠰᠢᠯᠡᠨ᠎ᠡ᠃ ᠣᠨᠴᠠᠯᠢᠭ ᠨᠢ᠄ ᠭᠠᠳᠠᠷ ᠬᠠᠯᠢᠰᠤ ᠨᠢ ᠨᠢᠮᠭᠡᠨ ︵ᠬᠠᠭᠠᠷᠢᠵᠤ ᠪᠤᠯᠭᠤᠭᠰᠠᠨ ᠤ ᠲᠠᠷᠠᠭ᠎ᠠ ᠭᠠᠳᠠᠨ᠎ᠠ ᠠᠴᠠ ᠨᠢ ᠳᠣᠲᠣᠷᠠᠬᠢ ᠢᠳᠡᠭᠡ ᠨᠢ ᠦᠵᠡᠭᠳᠡᠳᠡᠭ︶᠂ ᠮᠢᠬ᠎ᠠ ᠨᠢ ᠵᠤᠵᠠᠭᠠᠨ᠂ ᠭᠠᠳᠠᠷ ᠨᠢ ᠬᠡᠦᠷᠡᠭ ᠳᠣᠲᠣᠷ ᠨᠢ ᠵᠥᠭᠡᠯᠡᠨ᠂ ᠲᠣᠰᠣᠯᠢᠭ ᠮᠥᠷᠲᠡᠭᠡᠨ ᠠᠮᠲᠠᠲᠠᠢ ᠪᠠᠶᠢᠳᠠᠭ ᠠᠴᠠ ︽ᠭᠤᠣᠯ ᠤᠨ ᠪᠠᠷᠠᠭᠤᠨᠲᠠᠢ ᠱᠠᠯᠪᠢᠩ ᠨᠢ ᠭᠤᠣᠯ ᠤᠨ ᠵᠡᠭᠦᠨᠲᠡᠢ ᠦᠨᠦᠷᠳᠡᠨ᠎ᠡ︾ ᠭᠡᠬᠦ ᠰᠠᠶᠢᠬᠠᠨ ᠬᠡᠯᠡᠯᠭᠡ ᠲᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ