| ᠯᠦ ᠵᠢᠢ ᠰᠠᠨ᠂ ᠥᠭᠡᠷ᠎ᠡ ᠨᠠᠷ᠎ᠡ ᠯᠦ ᠯᠢᠶᠠᠨ ᠱᠧᠩ᠂ ᠰᠧᠲᠡᠩᠳᠠᠮᠪᠠ᠂ ᠡᠷᠡᠭᠲᠡᠢ᠂ ᠮᠣᠩᠭᠤᠯ ᠦᠨᠳᠦᠰᠦᠲᠡᠨ᠂ 1884 ᠣᠨ ᠳᠤ ᠬᠡᠰᠢᠭᠲᠡᠨ ᠬᠤᠰᠢᠭᠤᠨ ᠤ | ᠮᠡᠯᠡᠬᠡᠶᠢᠲᠦ ᠲᠤᠰᠬᠤᠨ ᠳᠤ ᠲᠥᠷᠥᠵᠠᠢ᠃ ᠪᠠᠭ᠎ᠠ ᠶᠢᠨ ᠦᠶ᠎ᠡ ᠳᠤᠨᠢ ᠭᠡᠷ ᠨᠢ ᠶᠠᠳᠠᠭᠤ ᠬᠦᠴᠢᠷᠲᠠᠢ ᠠᠴᠠ ᠪᠣᠯᠵᠤ ᠦᠷᠭᠦᠯᠵᠢ ᠵᠠᠰᠠᠭ ᠤᠨ ᠬᠤᠷᠢᠶ᠎ᠠ ᠳᠤ ᠠᠷᠰᠠᠷ | ᠠᠵᠢᠯ ᠬᠢᠳᠡᠭ᠃ ᠥᠪᠡᠷᠲᠡᠬᠡᠨ ᠮᠣᠩᠭᠤᠯ᠂ ᠬᠢᠲᠠᠳ ᠦᠰᠦᠭ ᠪᠢᠴᠢᠭ ᠰᠤᠷᠴᠤ᠂ ᠰᠡᠭᠦᠯᠡᠷ ᠨᠢ ᠮᠠᠶᠢᠷᠡᠨ ᠰᠠᠭᠤᠵᠠᠢ᠃ ᠡᠨᠡ ᠬᠦ ᠬᠤᠭᠤᠴᠠᠭᠠᠨ ᠳᠤ ᠦᠷᠭᠦᠯᠵᠢ | ᠬᠤᠰᠢᠭᠤ ᠵᠠᠬᠢᠷᠤᠭᠴᠢ ᠵᠠᠩᠭᠢ ᠯᠧ ᠱᠠᠨ ᠢ ᠲᠠᠭᠠᠵᠤ ᠪᠡᠭᠡᠵᠢᠩ᠂ ᠭᠦᠢ ᠰᠦᠢ᠂ ᠶᠡᠭᠡ ᠬᠦᠷᠢᠶ᠎ᠡ ︵ᠤᠯᠠᠭᠠᠨᠪᠠᠭᠠᠲᠤᠷ︶ ᠬᠤᠭᠤᠷᠣᠨᠳᠤ ᠶᠠᠪᠤᠵᠤ ᠰᠠᠭᠤᠳᠠᠭ ᠪᠣᠯᠬᠤᠷ | ᠪᠠᠢ ᠶᠦᠨ ᠲᠢ᠂ ᠬᠦᠸᠤ ᠳ᠋ᠤᠤ ᠫᠦ᠋ ᠵᠢᠴᠢ ᠬᠠᠯᠬ᠎ᠠ ᠮᠣᠩᠭᠤᠯ ᠤᠨ ᠴᠦᠢᠪᠠᠯᠰᠠᠩ ᠮᠠᠷᠱᠠᠯ ᠲᠠᠢ ᠲᠠᠨᠢᠯᠴᠠᠪᠠ᠃ 1921 ᠣᠨ ᠳᠤ ᠬᠠᠯᠬ᠎ᠠ ᠮᠣᠩᠭᠤᠯ ᠨᠡᠶᠢᠭᠡᠮ | ᠵᠢᠷᠤᠮ ᠢ ᠶᠠᠪᠤᠭᠤᠯᠵᠤ᠂ ᠭᠠᠳᠠᠭᠠᠳᠤ ᠶᠢᠨ ᠬᠦᠷᠦᠩᠭᠡ ᠶᠢ ᠬᠢᠵᠠᠭᠠᠷᠯᠠᠵᠠᠢ᠃ ᠲᠤᠬᠠᠢ ᠶᠢᠨ ᠦᠶ᠎ᠡ ᠳᠤ ᠬᠡᠰᠢᠭᠲᠡᠨ ᠤ ᠢᠥᠢ ᠰᠢᠩ ᠪᠠᠭᠤᠳᠠᠯ ᠶᠦᠭᠡᠵᠢᠷᠢ ᠶᠢᠨ ᠰᠦᠮ᠎ᠡ | ᠂ ᠶᠡᠭᠡ ᠬᠦᠷᠢᠶ᠎ᠡ᠂ ᠭᠤᠷᠪᠠᠳᠤᠭᠠᠷ ᠪᠠᠶᠢᠰᠨ ᠳᠤ ᠴᠦᠮ ᠰᠠᠯᠪᠤᠷᠢ ᠪᠠᠭᠤᠳᠠᠯ ᠲᠠᠢ ᠤᠴᠢᠷ ᠠᠴᠠ ᠯᠦ ᠵᠢᠢ ᠰᠠᠨ ᠴᠦᠢᠪᠠᠯᠰᠠᠩ ᠳᠤ ᠪᠠᠶᠢᠳᠠᠯ ᠢᠶᠠᠨ ᠶᠠᠷᠢᠵᠤ᠂ | ᠲᠡᠭᠦᠨ ᠢᠶᠠᠷ ᠦᠷᠭᠦᠯᠵᠢᠯᠡᠨ ᠬᠠᠯᠬ᠎ᠠ ᠮᠣᠩᠭᠤᠯ ᠳᠤ ᠡᠵᠡᠩᠨᠡᠯᠲᠡ ᠬᠢᠬᠦ ᠪᠠᠷ ᠵᠥᠪᠰᠢᠶᠡᠷᠡᠭᠦᠯᠪᠡ᠃ ᠡᠶᠢᠮᠦ ᠠᠴᠠ ᠢᠤᠢ ᠰᠢᠩ ᠯᠦᠩ ᠪᠣᠯᠣᠨ ᠪᠣᠰᠣᠳ ᠰᠠᠯᠪᠣᠷᠢ | ᠪᠠᠭᠤᠳᠠᠯ ᠨᠢ ︽ᠥᠪᠥᠷ ᠠᠷᠠᠳ ᠤᠨ ᠨᠠᠮ︾ ᠤᠨ ᠠᠵᠢᠯᠯᠠᠭᠠᠨ ᠬᠢᠬᠦ ᠨᠢᠭᠤᠴᠠ ᠭᠠᠵᠠᠷ ᠪᠣᠯᠣᠭᠰᠠᠨ ᠪᠠᠶᠢᠨ᠎ᠠ᠃ | 1924 ᠣᠨ ᠳᠤ ᠯᠦ ᠵᠢᠢ ᠰᠠᠨ᠂ ᠯᠧ ᠵᠢᠩ ᠲᠣᠤ ᠵᠡᠷᠭᠡ ᠬᠦᠮᠦᠰ ᠲᠠᠢ ᠬᠠᠮᠲᠤ ᠬᠠᠯᠬ᠎ᠠ ᠮᠣᠩᠭᠤᠯ ᠤᠨ ᠴᠡᠷᠢᠭ ᠤᠨ ᠶᠠᠪᠤᠳᠠᠯ ᠤᠨ ᠰᠤᠷᠭᠠᠭᠤᠯᠢ ᠳᠤ | ᠲᠣᠮᠢᠯᠠᠭᠳᠠᠨ ᠰᠤᠷᠤᠯᠴᠠᠵᠤ᠂ ᠲᠡᠭᠦᠰᠦᠭᠰᠡᠨ ᠤ ᠪᠠᠨ ᠳᠠᠷᠠᠭ᠎ᠠ ᠬᠡᠰᠢᠭᠲᠡᠨ ᠬᠤᠰᠢᠭᠤᠨ ᠳᠤ ᠪᠠᠨ ᠪᠤᠴᠠᠨ ᠢᠷᠡᠵᠦ ᠬᠤᠰᠢᠭᠤᠨ ᠶᠠᠪᠤᠳᠠᠯ ᠤᠨ ᠶᠡᠷᠥᠩᠬᠡᠢ | ᠵᠠᠬᠢᠷᠤᠭᠴᠢ ᠪᠠᠷ ᠠᠵᠢᠯᠯᠠᠨ᠂ ᠵᠠᠯᠠᠭᠤᠴᠤᠳ ᠢ ᠮᠣᠩᠭᠤᠯ᠂ ᠵᠥᠪᠯᠡᠯᠲᠦ ᠳᠤ ᠰᠤᠷᠤᠯᠴᠠᠭᠤᠯᠬᠤ ᠠᠵᠢᠯ ᠢ ᠢᠳᠡᠪᠬᠢᠲᠡᠢ ᠵᠣᠬᠢᠶᠠᠨ ᠪᠠᠶᠢᠭᠤᠯᠪᠠ᠃ 1925 ᠣᠨ ᠤ | ᠨᠠᠮᠤᠷ ᠥᠪᠥᠷ ᠮᠣᠩᠭᠤᠯ ᠤᠨ ᠠᠷᠠᠳ ᠤᠨ ᠬᠤᠪᠢᠰᠬᠠᠯᠲᠦ ᠨᠠᠮ ᠤᠨ ᠲᠥᠪ ᠬᠤᠷᠢᠶᠠᠨ ᠤ ᠭᠡᠰᠢᠭᠦᠨ ᠢᠶᠠᠷ ᠰᠤᠩᠭᠤᠭᠳᠠᠪᠠ᠃ | 1934 ᠣᠨ ᠳᠤ ᠲᠡᠷᠡ ᠪᠠᠰᠠ ᠳᠡᠯᠭᠡᠷ ᠢ ᠨᠢᠭᠤᠴᠠ ᠪᠠᠷ ᠬᠠᠪᠰᠤᠷᠴᠦ ᠪᠡᠭᠡᠵᠢᠩ ᠳᠤ ᠭᠤᠷᠪᠠᠳᠤᠭᠠᠷ ᠢᠨᠲ᠋ᠧᠷᠨᠠᠼᠢᠤᠨᠠᠯ ᠤᠨ ᠬᠤᠯᠪᠣᠭ᠎ᠠ ᠠᠪᠬᠤ ᠠᠵᠢᠯ ᠢ | ᠬᠠᠮᠵᠢᠨ ᠬᠢᠪᠡ᠃ 1937 ᠣᠨ ᠳᠤ ᠰᠦᠢᠶᠤᠸᠠᠨ ︵ᠪᠤᠭᠤᠲᠤ︶ ᠳᠤ ᠬᠦᠷᠴᠦ᠂ ᠬᠢᠲᠡᠳ ᠤᠨ ᠵᠠᠯᠢᠬᠠᠢ ᠯᠢ ᠱᠧᠦ ᠰᠢᠨ ᠳᠤ ᠦᠢᠯᠡᠴᠢᠯᠡᠬᠦ ᠲᠣᠷ᠎ᠠ ᠦᠭᠡᠢ | ᠤᠴᠢᠷ ᠠᠴᠠ ᠰᠥᠨᠢᠳ ᠬᠤᠰᠢᠭᠤᠨ ᠤ ᠨᠢᠭᠡᠨ ᠴᠡᠷᠢᠭ ᠤᠨ ᠭᠡᠷ ᠪᠦᠯᠢ ᠶᠢᠨ ᠰᠤᠷᠭᠠᠭᠤᠯᠢ ᠳᠤ ᠵᠠᠬᠢᠷᠤᠯ ᠪᠣᠯᠵᠠᠢ᠃ 1946 ᠣᠨ ᠳᠤ ᠬᠡᠰᠢᠭᠲᠡᠨ ᠳᠤ ᠪᠠᠨ ᠪᠣᠴᠠᠨ | ᠢᠷᠡᠵᠦ᠂ ᠡᠭᠡᠨᠡᠷ ᠬᠦᠪᠡᠭᠦᠨ ᠨᠢ ᠴᠦᠮ ᠡᠪᠡᠳᠴᠢᠨ ᠠᠷᠬᠠᠭ ᠲᠠᠢ ᠠᠴᠠ ᠲᠠᠬᠢᠨ ᠠᠵᠢᠯᠯᠠᠭᠰᠠᠨ ᠦᠭᠡᠢ᠂ 1962 ᠣᠨ ᠤ 10 ᠰᠠᠷ᠎ᠠ ᠳᠤ ᠡᠪᠡᠳᠴᠢᠨ ᠢᠶᠠᠷ ᠨᠠᠰᠤ | ᠪᠠᠷᠠᠪᠠ᠃ | | | |