| ᠤᠯᠠᠭᠠᠨᠬᠠᠳᠠ ᠶᠢᠨ ᠣᠨᠴᠠᠯᠢᠭᠲᠤ ᠰᠤᠯᠠ ᠢᠳᠡᠭᠡᠨ ᠨᠢ ᠣᠷᠳᠦ ᠤᠳᠠᠭᠠᠨ ᠲᠡᠦᠬᠡ ᠲᠠᠢ᠂ ᠲᠦᠷᠦᠯ ᠵᠦᠢᠯ ᠢᠶᠠᠷ ᠣᠯᠠᠨ ᠪᠠᠶᠢᠳᠠᠭ᠂ ᠨᠡᠯᠢᠶᠡᠳ ᠨᠡᠷ᠎ᠡ | ᠲᠠᠢ ᠠᠴᠠ ᠨᠢ ᠳᠤᠷᠠᠳᠪᠠᠯ᠂ ᠬᠠᠳᠠ ᠬᠠᠭᠠᠷᠢᠭᠰᠠᠨ ᠪᠣᠣᠪᠤ᠂ ᠮᠢᠬ᠎ᠠ ᠬᠠᠪᠴᠢᠭᠤᠯᠤᠭᠰᠠᠨ ᠪᠣᠣᠪᠤ᠂ ᠱᠣᠣᠪᠢᠩ᠂ ᠬᠠᠳᠠ ᠬᠤᠤᠱᠤᠤᠷ᠂ ᠵᠢᠨᠫᠧᠩ ᠱᠠᠯᠪᠢᠩ᠂ | ᠯᠢᠨᠰᠢ ᠶᠢᠨ ᠱᠣᠣᠮᠠᠢ᠂ ᠯᠢᠨᠳᠦᠩ ᠶᠢᠨ ᠬᠡᠷᠴᠢᠮᠡᠯ ᠪᠣᠣᠪᠤ᠂ ᠠᠤᠬᠠᠨ ᠤ ᠬᠡᠷᠴᠢᠮᠡᠯ ᠭᠤᠯᠢᠷ᠂ ᠪᠣᠷᠣᠬᠤᠲᠠ ᠶᠢᠨ ᠭᠤᠯᠢᠷ ᠬᠤᠭᠤᠯᠠ᠂ ᠬᠠᠷᠠᠴᠢᠨ ᠤ ᠬᠦᠢᠲᠡᠨ | ᠹᠧᠨᠲ᠋ᠢᠶᠣᠤᠷ᠂ ᠪᠤᠷᠴᠠᠭᠲᠤ ᠪᠣᠣᠪᠤ ᠵᠡᠷᠭᠡ ᠪᠤᠢ᠃ | ᠬᠠᠳᠠ ᠬᠠᠭᠠᠷᠢᠭᠰᠠᠨ ᠪᠣᠣᠪᠤ ᠤᠯᠠᠭᠠᠨᠬᠠᠳᠠ ᠶᠢᠨ ᠣᠨᠴᠠᠯᠢᠭᠲᠤ ᠢᠳᠡᠭᠡᠨ ᠪᠣᠯᠣᠨ᠎ᠠ᠃ ᠴᠢᠯᠦᠭᠡᠯᠡᠭᠳᠡᠭᠰᠡᠨ ᠤ ᠲᠠᠷᠠᠭ᠎ᠠ ᠮᠦᠭᠳᠡᠨ ᠵᠡᠷᠭᠡ ᠬᠤᠳᠠ ᠨᠢ | ᠤᠯᠠᠭᠠᠨᠬᠠᠳᠠ ᠠᠴᠠ ᠬᠥᠮᠥᠨ ᠲᠣᠮᠢᠯᠠᠨ ᠮᠡᠷᠭᠡᠵᠢᠯ ᠰᠤᠷᠤᠭᠰᠠᠨ ᠪᠥᠭᠡᠳ ︽ᠯᠢᠶᠤᠤᠨᠢᠩ ᠤᠨ ᠡᠳᠦᠷ ᠤᠨ ᠰᠣᠨᠢᠨ︾ ᠳᠤ ᠮᠡᠳᠡᠭᠡᠯᠡᠵᠡᠢ᠃ ᠬᠠᠳᠠ ᠬᠠᠭᠠᠷᠢᠭᠰᠠᠨ | ᠪᠣᠣᠪᠤ ᠶᠢᠨ ᠪᠤᠢ ᠪᠣᠯᠤᠭᠰᠠᠨ ᠨᠢ ᠰᠠᠨᠠᠮᠰᠠᠷ ᠦᠭᠡᠢ ᠤᠴᠢᠷ ᠪᠠᠶᠢᠵᠠᠢ᠂ ᠪᠠᠷᠤᠭ 150 ᠵᠢᠯ ᠤᠨ ᠡᠮᠦᠨ᠎ᠡ ︵ᠴᠢᠩ ᠤᠯᠤᠰ ᠤᠨ ᠲᠡᠭᠷᠢ ᠲᠡᠳᠬᠦᠭᠴᠢ ᠶᠢᠨ ᠦᠶ᠎ᠡ ᠳᠤ | ︶ ᠤᠯᠠᠭᠠᠨᠬᠠᠳᠠ ᠵᠡᠭᠡᠯᠢ ᠶᠢᠨ ᠭᠤᠯᠢᠷ ᠢᠳᠡᠭᠡᠨ ᠤ ᠲᠣᠭᠤᠭᠠᠴᠢ ᠨᠢ ᠪᠤᠷᠴᠠᠭ ᠬᠠᠪᠴᠢᠭᠤᠯᠤᠭᠰᠠᠨ ᠪᠣᠣᠪᠤ ᠬᠢᠬᠦ ᠳᠤ᠂ ᠦᠵᠦᠭᠦᠷ ᠤᠨ ᠭᠤᠯᠢᠷ ᠪᠥᠭᠡᠮ ᠨᠢ ᠬᠡᠦᠷᠡᠭ | ᠦᠭᠡᠢ᠂ ᠲᠣᠰᠣ ᠨᠢ ᠠᠷᠪᠢᠨ᠂ ᠰᠢᠮᠡᠳᠡᠰᠦ ᠨᠢ ᠴᠥᠭᠡᠨ ᠠᠴᠠ ᠪᠣᠯᠵᠤ ᠢᠯᠡᠭᠦᠴᠡ ᠭᠤᠯᠢᠷ ᠦᠯᠡᠳᠡᠵᠡᠢ᠃ ᠲᠣᠭᠤᠭᠠᠴᠢ ᠨᠠᠷ ᠠᠷᠭ᠎ᠠ ᠪᠤᠳᠤᠵᠦ᠂ ᠪᠥᠭᠡᠮ | ᠭᠤᠯᠢᠷ ᠢᠶᠠᠨ ᠨᠤᠬᠤᠵᠤ᠂ ᠲᠣᠰᠣ ᠲᠠᠢ ᠭᠤᠯᠢᠷ ᠵᠢᠴᠢ ᠰᠢᠬᠢᠷ ᠬᠠᠪᠴᠢᠭᠤᠯᠤᠨ ᠪᠣᠣᠪᠤ ᠪᠣᠯᠭᠠᠵᠤ ᠬᠠᠭᠠᠷᠢᠨ ᠭᠠᠷᠭᠠᠵᠠᠢ᠃ ᠲᠤᠰ ᠪᠦᠲᠦᠭᠡᠭᠳᠡᠬᠦᠨ ᠨᠢ ᠰᠠᠨᠠᠭᠠᠨ ᠳᠤ | ᠦᠭᠡᠢ ᠬᠥᠮᠥᠰ ᠤᠨ ᠲᠠᠭᠠᠰᠢᠶᠠᠯ ᠢ ᠲᠠᠲᠠᠵᠠᠢ᠃ ᠡᠭᠦᠨ ᠠᠴᠠ ᠤᠯᠠᠭᠠᠨᠬᠠᠳᠠ ᠬᠤᠳᠠ ᠶᠢᠨ ᠶᠡᠭᠡ ᠬᠤᠭᠤᠯᠠᠨ ᠭᠡᠷ ᠨᠢ ᠥᠷᠢᠰᠦᠯᠳᠦᠨ ᠦᠢᠯᠡᠳᠪᠦᠷᠢᠯᠡᠵᠦ᠂ ᠮᠠᠰᠢ | ᠨᠡᠷ᠎ᠡ ᠭᠠᠷᠤᠭᠰᠠᠨ ᠠᠴᠠ ᠲᠣᠰ ᠪᠣᠣᠪᠤ ᠶᠢ ︽ᠬᠠᠳᠠ ᠬᠠᠭᠠᠷᠢᠭᠰᠠᠨ ᠪᠣᠣᠪᠤ︾ ᠭᠡᠵᠦ ᠨᠡᠷᠡᠯᠡᠵᠠᠢ᠃ ᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢᠨ ᠠᠴᠠ | ᠤᠯᠠᠮᠵᠢᠯᠠᠭᠳᠠᠨ᠂ ᠬᠤᠸᠠ ᠰᠢᠨ ᠬᠤᠭᠤᠯᠠᠨ ᠭᠡᠷ ᠤᠨ ᠢᠦᠢ ᠴᠢᠤᠸᠠᠨ ᠲᠣᠭᠤᠭᠠᠴᠢ ᠬᠠᠮᠤᠭ ᠰᠠᠶᠢᠨ ᠬᠢᠳᠡᠭ ᠪᠠᠶᠢᠨ᠎ᠠ᠃ ᠢᠦᠢ ᠴᠢᠤᠸᠠᠨ ᠠᠴᠠ ᠮᠢ ᠵᠧᠩ ᠭᠥᠸᠧ | ᠳᠤ ᠤᠯᠠᠮᠵᠢᠯᠠᠨ᠂ ᠮᠢ ᠣᠪᠣᠭᠲᠠᠨ ᠨᠢ ᠰᠦᠨ ᠵᠢᠩ ᠭᠦᠢ ᠳᠤ ᠤᠯᠠᠮᠵᠢᠯᠠᠵᠠᠢ᠃ ᠬᠠᠳᠠ ᠬᠠᠭᠠᠷᠢᠭᠰᠠᠨ ᠪᠣᠣᠪᠤ ᠨᠢ ᠪᠤᠭᠤᠷᠰᠤᠭ ᠤᠨ ᠲᠦᠷᠦᠯ ᠳᠤ ᠪᠠᠭᠲᠠᠳᠠᠭ᠂ | ᠥᠷᠳᠡᠭ ᠨᠢ ᠥᠨᠳᠥᠷ᠂ ᠬᠡᠦᠷᠡᠭ᠂ ᠠᠮᠲᠠ ᠲᠠᠢ᠂ ᠰᠢᠬᠢᠷᠯᠢᠭ ᠵᠡᠷᠭᠡ ᠣᠨᠴᠠᠯᠢᠭ ᠲᠠᠢ᠃ ᠬᠠᠳᠠ ᠬᠠᠭᠠᠷᠢᠭᠰᠠᠨ ᠪᠣᠣᠪᠤ ᠶᠢ ᠬᠢᠬᠦ ᠳᠤ ᠲᠣᠰᠣ ᠪᠠᠷ ᠨᠤᠬᠤᠭᠰᠠᠨ ᠪᠠ | ᠤᠰᠤ ᠪᠠᠷ ᠨᠤᠬᠤᠭᠰᠠᠨ ᠭᠤᠯᠢᠷ ᠬᠠᠭᠠᠰ ᠬᠠᠭᠠᠰ ᠪᠠᠶᠢᠳᠠᠭ ᠪᠣᠯᠬᠤᠷ ᠬᠠᠲᠠᠭᠤ ᠵᠥᠭᠡᠯᠡᠨ ᠨᠢ ᠠᠳᠠᠯᠢ ᠪᠠᠶᠢᠳᠠᠭ᠃ ᠭᠤᠯᠢᠷ ᠢᠶᠠᠨ ᠨᠤᠬᠤᠭᠰᠠᠨ ᠤ ᠲᠠᠷᠠᠭ᠎ᠠ ᠪᠠᠷ | ᠢᠯᠭᠠᠨ ᠲᠠᠰᠤᠯᠵᠤ᠂ ᠲᠣᠰᠣ ᠲᠠᠢ ᠭᠤᠯᠢᠷ ᠢᠶᠠᠨ ᠤᠰᠤ ᠪᠠᠷ ᠨᠤᠬᠤᠭᠰᠠᠨ ᠭᠤᠯᠢᠷ ᠤᠨ ᠳᠣᠲᠣᠷ ᠨᠢ ᠪᠣᠭᠤᠵᠤ ᠨᠢᠮᠭᠡᠯᠡᠭᠡᠳ᠂ ᠴᠠᠭᠠᠨ ᠰᠢᠬᠢᠷ᠂ ᠦᠨᠦᠷ ᠤᠨ ᠣᠬᠢ᠂ | ᠭᠤᠸ᠎ᠠ ᠶᠢᠨ ᠦᠷ᠎ᠡ᠂ ᠨᠣᠭᠤᠭᠠᠨ ᠤ ᠰᠢᠷᠬᠡᠭ ᠢ ᠬᠢᠵᠦ ᠪᠣᠭᠤᠭᠠᠳ᠂ ᠲᠠᠬᠢᠨ ᠨᠢᠮᠭᠡᠨ ᠪᠣᠣᠪᠤ ᠪᠣᠯᠭᠠᠳᠠᠭ᠃ ᠬᠠᠭᠠᠷᠢᠬᠤ ᠳᠤ ᠵᠥᠭᠡᠯᠡᠨ ᠭᠠᠯ ᠢᠶᠠᠷ᠂ ᠡᠷᠭᠢᠭᠦᠯᠬᠦ | ᠳᠤ ᠬᠥᠩᠭᠡᠨ ᠪᠠᠶᠢᠵᠤ᠂ ᠬᠡᠮᠬᠡᠷᠡᠨ ᠰᠦᠢᠷᠡᠬᠦ ᠠᠴᠠ ᠰᠡᠷᠭᠡᠶᠢᠯᠡᠨ᠎ᠡ᠃ ᠪᠣᠣᠪᠤ ᠨᠢ ᠰᠢᠷᠭᠠᠯ ᠥᠩᠭᠡ ᠲᠠᠢ ᠪᠣᠯᠬᠤ ᠳᠤ ᠲᠣᠭᠤᠭᠠᠨ ᠠᠴᠠ ᠭᠠᠷᠭᠠᠨ ᠢᠳᠡᠵᠦ ᠪᠣᠯᠣᠨ᠎ᠠ᠃ | | ᠮᠢᠬ᠎ᠠ ᠬᠠᠪᠴᠢᠭᠤᠯᠤᠭᠰᠠᠨ ᠪᠣᠣᠪᠤ ᠬᠠᠭᠤᠴᠢᠨ ᠦᠶ᠎ᠡ ᠳᠤ ᠤᠯᠠᠭᠠᠨᠬᠠᠳᠠ ᠵᠡᠭᠡᠯᠢ ᠶᠢᠨ ᠬᠠᠮᠤᠭ ᠨᠡᠷ᠎ᠡ ᠲᠠᠢ ᠮᠢᠬ᠎ᠠ ᠬᠠᠪᠴᠢᠭᠤᠯᠤᠭᠰᠠᠨ ᠪᠣᠣᠪᠤ ᠬᠢᠳᠡᠭ | ᠭᠠᠵᠠᠷ ᠨᠢ ᠹᠦ᠋ ᠱᠧᠩ ᠯᠦᠩ ᠪᠣᠯᠣᠨ᠎ᠠ᠂ ᠢᠷᠭᠡᠨ ᠤᠯᠤᠰ ᠤᠨ 6 ᠣᠨ ︵1917 ᠣᠨ︶ ᠳᠤ ᠲᠠᠷᠢᠶᠠᠴᠢᠨ ᠰᠦ᠋ ᠸᠧᠨ ᠢᠦᠢ ᠡᠷᠬᠢᠯᠡᠨ ᠪᠠᠶᠢᠭᠤᠯᠵᠠᠢ᠃ ᠰᠦ᠋ | ᠣᠪᠣᠭᠲᠠᠨ ᠤ ᠤᠭ ᠨᠤᠲᠤᠭ ᠨᠢ ᠾᠧᠪᠧᠢ ᠮᠤᠵᠢ᠂ ᠵᠠᠯᠠᠭᠤ ᠳᠠᠭᠠᠨ ᠪᠡᠭᠡᠵᠢᠩ ᠤᠨ ᠰᠠᠨ ᠯᠢ ᠾᠧ ᠶᠢᠨ ᠪᠧᠢ ᠴᠢᠶᠥᠥ ᠸᠠᠨ ︽ᠢᠦᠢ ᠱᠧᠩ ᠯᠦᠩ︾ ᠮᠢᠬᠠᠨ | ᠫᠦᠰᠡᠨ ᠳᠤ ᠱᠠᠪᠢ ᠪᠣᠯᠵᠠᠢ᠃ ᠰᠡᠭᠦᠯᠡᠷ ᠨᠢ ᠤᠯᠠᠭᠠᠨᠬᠠᠳᠠ ᠳᠤ ᠮᠠᠶᠢᠮᠠᠢ ᠬᠢᠵᠡᠢ᠃ ᠮᠥᠩᠭᠦ ᠲᠠᠢ ᠪᠣᠯᠤᠭᠰᠠᠨ ᠤ ᠲᠠᠷᠠᠭ᠎ᠠ ᠨᠢᠭᠡᠳᠦᠭᠡᠷ ᠵᠡᠭᠡᠯᠢ ᠳᠤ ᠹᠦ᠋ ᠰᠢᠩ ᠯᠦᠩ | ᠮᠢᠬ᠎ᠠ ᠬᠠᠪᠴᠢᠭᠤᠯᠤᠭᠰᠠᠨ ᠪᠣᠣᠪᠤ ᠶᠢᠨ ᠫᠦᠰᠡ ᠶᠢ ᠨᠡᠭᠡᠭᠡᠭᠰᠡᠨ ᠪᠠᠶᠢᠨ᠎ᠠ᠃ ᠲᠤᠰ ᠫᠦᠰᠡ ᠶᠢᠨ ᠮᠢᠬ᠎ᠠ ᠬᠠᠪᠴᠢᠭᠤᠯᠤᠭᠰᠠᠨ ᠪᠣᠣᠪᠤ ᠨᠢ ᠾᠧᠪᠧᠢ ᠮᠤᠵᠢ ᠶᠢᠨ | ᠪᠡᠭᠡᠵᠢᠩ ᠲᠠᠩᠱᠠᠨ ᠣᠷᠣᠨ ᠤ ︽ᠡᠯᠵᠢᠭᠡᠨ ᠮᠢᠬᠠᠨ ᠤ ᠬᠤᠤᠱᠤᠤᠷ︾ ᠢ ᠳᠠᠭᠤᠷᠢᠶᠠᠨ᠂ ᠪᠠᠰᠠ ᠬᠠᠭᠠᠨ ᠤ ᠣᠷᠳᠣᠨ ᠤ ᠮᠢᠬ᠎ᠠ ᠰᠢᠷᠠᠬᠤ ᠮᠡᠷᠭᠡᠵᠢᠯ ᠶᠢ | ᠤᠶᠠᠯᠳᠤᠭᠤᠯᠤᠨ ᠬᠢᠵᠡᠢ᠃ ᠰᠦ᠋ ᠣᠪᠣᠭᠲᠠᠨ ᠪᠡᠭᠡᠵᠢᠩ ᠳᠤ ᠱᠠᠪᠢ ᠪᠠᠶᠢᠬᠤ ᠦᠶᠡᠰ ᠲᠡᠭᠦᠨ ᠤ ᠰᠠᠳᠤᠨ ᠯᠢᠶᠠᠩ ᠣᠪᠣᠭᠲᠠᠨ ᠨᠢ ᠬᠠᠭᠠᠨ ᠤ ᠣᠷᠳᠣᠨ ᠤ ︽ᠬᠡᠷᠡᠭ | ᠮᠡᠳᠡᠭᠦᠯᠬᠦ ᠭᠠᠵᠠᠷ︾ ᠲᠤ ᠲᠣᠭᠤᠭᠠᠴᠢ ᠪᠣᠯᠵᠤ᠂ ︽ᠢᠦᠢ ᠱᠧᠩ ᠯᠦᠩ︾ ᠳᠤ ᠦᠷᠭᠦᠯᠵᠢ ᠬᠦᠷᠴᠦ ᠮᠢᠬ᠎ᠠ ᠠᠪᠳᠠᠭ ᠠᠴᠠ ᠣᠷᠳᠣᠨ ᠤ ᠳᠣᠲᠣᠷᠠᠬᠢ ᠮᠢᠬ᠎ᠠ | ᠰᠢᠷᠠᠬᠤ ᠮᠡᠷᠭᠡᠵᠢᠯ᠂ ᠲᠠᠬᠢᠶ᠎ᠠ ᠰᠢᠷᠠᠬᠤ ᠮᠡᠷᠭᠡᠵᠢᠯ ᠢᠶᠠᠨ ᠰᠦ᠋ ᠣᠪᠣᠭᠲᠠᠨ ᠳᠤ ᠤᠯᠠᠮᠵᠢᠯᠠᠭᠰᠠᠨ ᠪᠠᠶᠢᠨ᠎ᠠ᠃ ᠰᠦ᠋ ᠣᠪᠣᠭᠲᠤ ᠶᠢᠨ ᠪᠣᠣᠪᠤ ᠶᠢᠨ ᠫᠦᠰᠡ ᠮᠢᠬ᠎ᠠ ᠴᠢᠨᠠᠬᠤ | ᠳᠤ ᠪᠠᠨ ᠬᠤᠸᠠᠵᠢᠶᠤᠤ᠂ ᠠᠮᠲᠠ ᠣᠷᠣᠭᠤᠯᠤᠭᠴᠢ᠂ ᠪᠤᠷᠴᠠᠭ ᠤᠨ ᠲᠠᠯᠬ᠎ᠠ᠂ ᠭᠤᠣᠯᠲᠤ ᠪᠣᠷᠣ ᠵᠡᠷᠭᠡ 10 ᠭᠠᠷᠤᠢ ᠵᠦᠢᠯ ᠤᠨ ᠠᠮᠲᠠ ᠣᠷᠣᠭᠤᠯᠬᠤ ᠡᠳ᠋ ᠬᠢᠳᠡᠭ | ᠪᠥᠭᠡᠳ ᠴᠢᠨᠠᠵᠤ ᠪᠤᠯᠭᠤᠭᠰᠠᠨ ᠤ ᠲᠠᠷᠠᠭ᠎ᠠ ᠰᠢᠷᠠᠵᠤ᠂ ᠰᠢᠬᠢᠷ ᠲᠠᠢ ᠲᠣᠭᠤᠭᠠᠨ ᠤ ᠬᠠᠯᠠᠭᠤᠨ ᠠᠭᠤᠷ ᠢᠶᠠᠷ ᠭᠠᠭ᠋ᠠᠢ ᠶᠢᠨ ᠮᠢᠬ᠎ᠠ ᠶᠢ ᠤᠲᠤᠵᠦ᠂ ᠵᠢᠭᠠᠬᠠᠨ ᠤᠯᠠᠪᠳᠣᠷ | ᠪᠣᠯᠭᠠᠳᠠᠭ᠃ ᠪᠣᠣᠪᠤ ᠬᠢᠬᠦ ᠳᠤ ᠭᠤᠯᠢᠷ ᠢᠶᠠᠨ ᠰᠠᠶᠢᠨ ᠨᠤᠬᠤᠵᠤ᠂ ᠨᠢᠭᠡ ᠬᠡᠮᠵᠢᠶᠡᠨ ᠤ ᠲᠣᠰᠣ ᠬᠤᠯᠢᠵᠤ᠂ ᠨᠠᠷᠢᠮᠤ ᠪᠤᠳᠠᠭᠠᠨ ᠤ ᠭᠤᠯᠢᠷ ᠪᠤᠶᠤ ᠮᠣᠩᠭᠤᠯ ᠠᠮᠤ ᠶᠢᠨ | ᠭᠤᠯᠢᠷ ᠢᠶᠠᠨ ᠲᠣᠰᠣ ᠪᠠᠷ ᠭᠦᠢᠴᠡᠳ ᠳᠡᠪᠲᠦᠭᠡᠨ ᠪᠣᠣᠪᠤ ᠳᠡᠭᠡᠷ᠎ᠡ ᠲᠦᠷᠬᠢᠵᠦ᠂ ᠵᠥᠭᠡᠯᠡᠨ ᠭᠠᠯ ᠢᠶᠠᠷ ᠰᠢᠷᠠᠵᠤ ᠪᠤᠯᠭᠤᠨ᠎ᠠ᠃ ᠢᠩᠭᠢᠵᠦ ᠪᠤᠯᠭᠤᠭᠰᠠᠨ ᠪᠣᠣᠪᠤ ᠶᠢᠨ | ᠭᠠᠳᠠᠨᠠᠬᠢ ᠨᠢ ᠬᠡᠦᠷᠡᠭ ᠳᠣᠲᠣᠷᠠᠬᠢ ᠨᠢ ᠵᠥᠭᠡᠯᠡᠨ᠂ ᠰᠠᠶᠢᠬᠠᠨ ᠠᠮᠲᠠ ᠲᠠᠢ᠂ ᠳᠠᠬᠢᠨ ᠬᠢᠳᠤᠭ᠎ᠠ ᠪᠠᠷ ᠣᠭᠲᠣᠯᠣᠨ ᠰᠢᠷᠠᠮᠠᠯ ᠮᠢᠬ᠎ᠠ ᠶᠢ ᠬᠠᠪᠴᠢᠭᠤᠯᠵᠤ ᠬᠢᠨ᠎ᠡ᠂ | ᠲᠦᠭᠦᠮ ᠮᠥᠷᠲᠡᠭᠡᠨ ᠠᠮᠲᠠᠲᠠᠢ ᠪᠠᠶᠢᠳᠠᠭ᠃ | ᠬᠠᠳᠠ ᠬᠤᠤᠱᠤᠤᠷ ᠤᠯᠠᠭᠠᠨᠬᠠᠳᠠ ᠳᠤ 200 ᠭᠠᠷᠤᠢ ᠵᠢᠯ ᠤᠨ ᠲᠡᠦᠬᠡ ᠲᠠᠢ᠃ ᠳᠦᠷᠰᠦ ᠲᠥᠯᠥᠪ ᠨᠢ ᠳᠡᠭᠡᠷ᠎ᠡ ᠳᠣᠣᠷᠠᠬᠢ ᠶᠢ ᠨᠢ ᠨᠡᠶᠢᠯᠡᠭᠦᠯᠦᠭᠰᠡᠨ | ᠲᠣᠭᠤᠷᠢᠭ ᠬᠠᠶᠢᠷᠴᠠᠭ ᠰᠢᠭ᠋ ᠪᠠᠶᠢᠳᠠᠭ᠃ ᠣᠨᠴᠠᠯᠢᠭ ᠨᠢ ᠳᠠᠷᠤᠬᠤ ᠠᠴᠠ ᠠᠶᠤᠬᠤ ᠦᠭᠡᠢ᠂ ᠬᠥᠯᠳᠡᠬᠦ ᠠᠴᠠ ᠠᠶᠤᠬᠤ ᠦᠭᠡᠢ᠂ ᠨᠠᠷᠠᠨ ᠳᠤ ᠰᠢᠷᠠᠬᠤ ᠠᠴᠠ | ᠠᠶᠤᠬᠤ ᠦᠭᠡᠢ᠂ ᠢᠯᠵᠠᠷᠠᠬᠤ ᠠᠴᠠ ᠠᠶᠤᠬᠤ ᠦᠭᠡᠢ᠂ ᠬᠤᠯᠠ ᠵᠠᠮ ᠬᠥᠭᠡᠭᠡᠬᠦ ᠳᠤ ᠲᠦᠭᠦᠮ ᠪᠠᠶᠢᠳᠠᠭ ᠬᠤᠭᠤᠯᠠ ᠪᠣᠯᠣᠨ᠎ᠠ᠃ ᠬᠤᠤᠱᠤᠤᠷ ᠢ ᠬᠢᠬᠦ ᠳᠤ ᠭᠤᠣᠯ | ᠲᠦᠭᠦᠬᠡᠢ ᠡᠳ᠋ ᠨᠢ ᠪᠤᠭᠤᠳᠠᠢ ᠶᠢᠨ ᠭᠤᠯᠢᠷ ᠪᠣᠯᠣᠨ᠎ᠠ᠃ ᠤᠷᠢᠳᠠᠪᠠᠷ ᠭᠤᠯᠢᠷ ᠢᠶᠠᠨ ᠬᠠᠲᠠᠭᠤ ᠨᠤᠬᠤᠵᠤ᠂ ᠪᠡᠯᠡᠳᠬᠡᠵᠦ ᠲᠠᠯᠪᠢᠭᠰᠠᠨ ᠰᠠᠪᠠᠭ᠎ᠠ ᠪᠠᠨ ᠭᠤᠯᠢᠷ ᠤᠨ | ᠬᠠᠪᠲᠠᠰᠤ ᠶᠢᠨ ᠨᠦᠭᠦᠭᠡ ᠲᠠᠯ᠎ᠠ ᠳᠠᠬᠢ ᠲᠡᠮᠦᠷ ᠭᠠᠷᠠᠬ᠎ᠠ ᠳᠤ ᠬᠢᠵᠦ᠂ ᠬᠤᠶᠠᠷ ᠭᠠᠷ ᠢᠶᠠᠷ ᠢᠶᠠᠨ ᠨᠦᠭᠦᠭᠡ ᠲᠠᠯ᠎ᠠ ᠶᠢ ᠨᠢ ᠪᠠᠷᠢᠵᠤ ᠨᠠᠰᠢ ᠴᠠᠰᠢ ᠰᠢᠬᠠᠨ | ᠬᠡᠪᠰᠢᠭᠦᠯᠦᠭᠰᠡᠨ ᠤ ᠲᠠᠷᠠᠭ᠎ᠠ ᠪᠠᠷ ᠭᠤᠯᠢᠷ ᠢᠶᠠᠨ ᠲᠠᠰᠤᠳᠠᠨ ᠮᠦᠭᠦᠨ ᠭᠡᠯᠪᠡᠷᠢ ᠲᠠᠢ ᠪᠣᠯᠭᠠᠨ᠂ ᠬᠡᠪ ︵ᠮᠣᠳᠣ ᠪᠠᠷ ᠬᠢᠭᠰᠡᠨ ᠬᠡᠪ᠂ ᠨᠢᠳᠤᠷᠭᠠᠨ ᠴᠢᠨᠡᠭᠡ᠂ ᠢᠮᠠᠬᠤ | ᠵᠤᠵᠠᠭᠠᠨ᠂ ᠳᠤᠮᠳᠠ ᠨᠢ ᠲᠤᠰ ᠬᠤᠭᠤᠯᠠᠨ ᠭᠡᠷ ᠤᠨ ᠨᠡᠷ᠎ᠡ ᠨᠢ ᠪᠠᠶᠢᠨ᠎ᠠ︶ ᠳᠤ ᠬᠢᠵᠦ᠂ ᠭᠠᠷ ᠢᠶᠠᠷ ᠢᠶᠠᠨ ᠰᠠᠶᠢᠲᠤᠷ ᠳᠠᠷᠤᠭᠰᠠᠨ ᠤ ᠲᠠᠷᠠᠭ᠎ᠠ ᠪᠠᠷ ᠬᠡᠪ ᠠᠴᠠ ᠨᠢ | ᠲᠣᠭᠰᠢᠵᠤ ᠭᠠᠷᠭᠠᠨ ᠵᠤᠤᠬᠠᠨ ᠳᠤ ᠰᠢᠷᠠᠨ᠎ᠠ᠃ ᠰᠢᠷᠠᠬᠤ ᠵᠤᠤᠬ᠎ᠠ ᠨᠢ ᠲᠣᠭᠤᠷᠢᠭ ᠬᠡᠯᠪᠡᠷᠢᠲᠡᠢ᠂ ᠣᠷᠳᠦ ᠥᠷᠭᠡᠨ ᠨᠢ 1.8 ᠲᠣᠬᠤᠢ᠂ ᠰᠢᠷᠠᠬᠤ ᠳᠤ ᠬᠤᠶᠠᠷ | ᠲᠠᠯ᠎ᠠ ᠶᠢ ᠨᠢ ᠢᠯᠭᠠᠨ ᠰᠢᠷᠠᠨ᠎ᠠ᠂ ᠨᠢᠭᠡ ᠲᠠᠯ᠎ᠠ ᠶᠢ ᠨᠢ ᠰᠢᠷᠠᠵᠤ ᠪᠤᠯᠭᠤᠭᠰᠠᠨ ᠤ ᠲᠠᠷᠠᠭ᠎ᠠ ᠪᠠᠷ ᠨᠢ ᠡᠷᠭᠢᠭᠦᠯᠬᠦ ᠳᠤ ᠳᠠᠷᠤᠭᠤᠯ ᠢᠶᠠᠷ ᠬᠤᠤᠱᠤᠤᠷ ᠤᠨ ᠭᠤᠣᠯ | ᠳᠤᠮᠳᠠ ᠨᠢ ᠨᠢᠭᠡ ᠴᠠᠭᠠᠷᠢᠭ ᠵᠢᠷᠤᠵᠤ᠂ ᠲᠠᠬᠢᠨ ᠨᠦᠭᠦᠭᠡ ᠲᠠᠯ᠎ᠠ ᠶᠢ ᠨᠢ ᠰᠢᠷᠠᠨ᠎ᠠ᠃ ᠰᠢᠷ᠎ᠠ ᠥᠩᠭᠡ ᠲᠠᠢ ᠪᠣᠯᠪᠠᠯ ᠲᠣᠭᠤᠭᠠᠨ ᠠᠴᠠ ᠭᠠᠷᠭᠠᠨ᠎ᠠ᠃ ᠤᠯᠠᠭᠠᠨᠬᠠᠳᠠ | ᠵᠡᠭᠡᠯᠢ ᠳᠤ ᠬᠤᠤᠱᠤᠤᠷ ᠬᠢᠳᠡᠭ ᠨᠢ ᠬᠤᠲᠣᠩ ᠬᠥᠮᠥᠨ ᠣᠯᠠᠩᠬᠢ ᠶᠢ ᠡᠵᠡᠯᠡᠵᠦ᠂ ᠴᠢᠩ ᠤᠨ ᠰᠡᠭᠦᠯᠴᠢ ᠢᠷᠭᠡᠨ ᠤᠯᠤᠰ ᠤᠨ ᠡᠬᠢ ᠪᠠᠷ 20 ᠭᠠᠷᠤᠢ | ᠬᠤᠤᠱᠤᠤᠷ ᠤᠨ ᠫᠦᠰᠡᠨ ᠳᠣᠲᠣᠷ᠎ᠠ ︽ᠬᠤᠤᠱᠤᠤᠷ ᠯᠢᠦ︾᠂ ᠪᠠᠢ ᠴᠢ ᠼᠠᠢ᠂ ᠯᠢ ᠹᠧᠩ ᠴᠢᠩ ᠭᠤᠷᠪᠠ ᠨᠢ ᠬᠠᠮᠤᠭ ᠠᠴᠠ ᠨᠡᠷ᠎ᠡ ᠲᠠᠢ ᠪᠠᠶᠢᠵᠠᠢ᠃ | ᠸᠠᠭᠠᠷ ᠤᠨ ᠵᠤᠤᠬᠠᠨ ᠱᠣᠣᠪᠢᠩ ᠵᠤᠤᠬᠠᠨ ᠭᠠᠯ ᠢᠶᠠᠷ ᠸᠠᠭᠠᠷ ᠰᠠᠪᠠ ᠢᠶᠠᠨ ᠬᠠᠯᠠᠭᠠᠵᠤ ᠰᠢᠲᠠᠭᠠᠵᠤ ᠪᠤᠯᠭᠤᠭᠰᠠᠨ ᠱᠤᠤᠪᠢᠩ ᠪᠣᠯᠣᠨ᠎ᠠ᠃ ᠢᠷᠭᠡᠨ | ᠤᠯᠤᠰ ᠤᠨ ᠦᠶ᠎ᠡ ᠳᠤ ᠯᠢᠩ ᠶᠤᠸᠠᠨ ᠤ ᠬᠥᠮᠥᠨ ᠸᠠᠩ ᠽᠢ ᠶᠦᠨ ᠤᠯᠠᠭᠠᠨᠬᠠᠳᠠ ᠳᠤ ᠤᠯᠠᠮᠵᠢᠯᠠᠵᠠᠢ᠃ ᠬᠢᠬᠦ ᠠᠷᠭ᠎ᠠ ᠨᠢ᠄ ᠨᠢᠭᠡ ᠮᠧᠲᠷ ᠣᠷᠳᠦ ᠵᠤᠤᠬ᠎ᠠ ᠪᠠᠷᠢᠵᠤ | ᠂ ᠬᠠᠭᠠᠰ ᠸᠠᠭᠠᠷ ᠤᠨ ᠭᠠᠩ ᠲᠠᠯᠪᠢᠵᠤ᠂ ᠳᠤᠮᠳᠠ ᠨᠢ ᠨᠢᠭᠡ ᠲᠣᠬᠤᠢ ᠵᠠᠢ ᠲᠠᠢ᠃ ᠭᠤᠯᠢᠷ ᠢᠶᠠᠨ ᠤᠰᠤ ᠲᠠᠢ ᠬᠤᠯᠢᠵᠤ ᠬᠠᠲᠠᠭᠤ ᠨᠤᠬᠤᠨ᠂ ᠲᠣᠭᠤᠷᠢᠭ ᠪᠣᠣᠪᠤ | ᠪᠣᠯᠭᠠᠨ ᠭᠠᠮᠵᠢᠩᠳᠠᠵᠤ᠂ ᠨᠢᠭᠡ ᠨᠢᠭᠡ ᠪᠠᠷ ᠲᠠᠰᠣᠳᠠᠨ᠂ ᠲᠠᠬᠢᠨ ᠭᠠᠮᠵᠢᠩᠳᠠᠵᠤ᠂ ᠮᠠᠭᠠᠵᠢ ᠲᠦᠷᠬᠢᠵᠦ ᠬᠤᠸᠠᠷᠯᠠᠨ᠂ ᠸᠠᠭᠠᠷ ᠤᠨ ᠳᠡᠭᠡᠷ᠎ᠡ ᠲᠠᠯᠪᠢᠨ ᠰᠢᠷᠠᠵᠤ᠂ | ᠰᠢᠷᠭᠠᠯ ᠥᠩᠭᠡ ᠲᠠᠢ ᠪᠣᠯᠪᠠᠯ ᠲᠣᠭᠤᠭᠠᠨ ᠠᠴᠠ ᠭᠠᠷᠭᠠᠨ᠎ᠠ᠃ ᠲᠤᠰ ᠮᠠᠶ᠋ᠢᠭ ᠤᠨ ᠱᠣᠣᠪᠢᠩ ᠨᠢ ᠬᠢᠬᠦ ᠠᠷᠭ᠎ᠠ ᠶᠢᠨ ᠲᠠᠯ᠎ᠠ ᠪᠠᠷ ᠨᠠᠷᠢᠯᠢᠭ ᠶᠠᠪᠤᠴᠠ ᠲᠠᠢ᠂ | ᠸᠠᠭᠠᠷ ᠤᠨ ᠰᠠᠪᠠᠨ ᠳᠣᠲᠣᠷ᠎ᠠ ᠬᠤᠳᠤᠭᠤᠷ ᠭᠦᠳᠦᠭᠦᠷ ᠭᠡᠯᠪᠡᠷᠢ ᠲᠠᠢ ᠤᠴᠢᠷ ᠠᠴᠠ ᠬᠦᠢᠲᠡᠨ ᠪᠤᠶᠤ ᠬᠠᠯᠠᠭᠤᠨ ᠱᠣᠣᠪᠢᠩ ᠨᠢ ᠭᠤᠯᠭᠤᠨ ᠪᠠᠭᠤᠳᠠᠭ᠃ ᠸᠠᠭᠠᠷ ᠤᠨ | ᠵᠤᠤᠬᠠᠨ ᠱᠣᠣᠪᠢᠩ ᠤᠨ ᠣᠨᠴᠠᠯᠢᠭ ᠭᠡᠪᠡᠯ᠄ ᠰᠢᠲᠠᠬᠤ ᠦᠭᠡᠢ᠂ ᠠᠮᠲᠠᠲᠠᠢ ᠬᠡᠦᠷᠡᠭ ᠪᠠᠶᠢᠳᠠᠭ᠃ | ᠵᠢᠩᠫᠧᠩ ᠶᠢᠨ ᠱᠠᠯᠪᠢᠩ ᠪᠢᠷᠠᠭᠤ ᠶᠢᠨ ᠱᠠᠯᠪᠢᠩ ᠨᠢ ᠲᠦᠷᠦ ᠬᠡᠷᠡᠯᠳᠦ ᠶᠢᠨ ᠣᠨ ᠳᠤ ᠱᠠᠨᠰᠢ ᠶᠢᠨ ᠱᠠᠨ ᠣᠪᠣᠭᠲᠠᠨ ᠠᠴᠠ ᠤᠯᠠᠮᠵᠢᠯᠠᠨ ᠣᠷᠣᠵᠤ ᠢᠷᠡᠪᠡ | ᠃ ᠲᠠᠬᠢᠨ ᠲᠤᠰ ᠣᠷᠣᠨ ᠤ ᠸᠠᠩ ᠨᠣᠶᠠᠨ ᠳᠤ ᠱᠠᠯᠪᠢᠩ ᠬᠢᠳᠡᠭ ᠵᠠᠷᠤᠴᠠ ᠶᠢᠨ ᠣᠨᠴᠠ ᠮᠡᠷᠭᠡᠵᠢᠯ ᠲᠠᠢ ᠤᠶᠠᠯᠳᠤᠭᠤᠯᠤᠨ᠂ ᠮᠣᠩᠭᠤᠯ ᠬᠢᠲᠠᠳ ᠮᠡᠷᠭᠡᠵᠢᠯ ᠤᠨ | ᠬᠠᠮᠲᠤᠷᠠᠭᠰᠠᠨ ᠪᠦᠲᠦᠭᠡᠭᠳᠡᠬᠦᠨ ᠪᠣᠯᠵᠠᠢ᠃ ᠬᠢᠬᠦ ᠠᠷᠭ᠎ᠠ ᠨᠢ᠄ ᠳᠣᠲᠣᠷ᠎ᠠ ᠨᠢ ᠪᠢᠷᠠᠭᠤ ᠶᠢᠨ ᠮᠢᠬ᠎ᠠ ︵ᠬᠠᠪᠢᠷᠭᠠᠨ ᠤ ᠥᠭᠡᠬᠦ ᠲᠠᠢ ᠮᠢᠬ᠎ᠠ︶ ᠶᠢ ᠨᠢᠴᠠᠯᠠᠨ | ᠬᠡᠷᠴᠢᠵᠦ᠂ ᠳᠡᠭᠡᠷ᠎ᠡ ᠨᠢ ᠰᠣᠩᠭᠢᠨ᠎ᠠ᠂ ᠭᠠ᠂ ᠬᠤᠧᠠᠵᠢᠶᠣᠣ᠂ ᠠᠮᠲᠠ ᠲᠣᠬᠢᠷᠠᠭᠤᠯᠤᠭᠴᠢ᠂ ᠪᠤᠷᠴᠠᠭ ᠤᠨ ᠲᠠᠯᠬ᠎ᠠ᠂ ᠳᠠᠪᠤᠰᠤ ᠵᠡᠷᠭᠡ ᠡᠯ᠎ᠡ ᠵᠦᠢᠯ ᠤᠨ ᠬᠤᠯᠢᠰᠢ ᠶᠢ | ᠴᠤᠭ ᠬᠢᠵᠦ ᠮᠢᠬᠠᠨ ᠪᠥᠭᠡᠮ ᠪᠣᠯᠭᠠᠨ᠂ ᠱᠠᠭᠠᠵᠠᠩ ᠰᠠᠪᠠᠨ ᠳᠤ ᠬᠢᠵᠦ ᠪᠦᠲᠡᠭᠡᠨ 2 ---3 ᠴᠠᠭ ᠤᠨ ᠲᠠᠷᠠᠭ᠎ᠠ ᠬᠡᠷᠡᠭᠯᠡᠨ᠎ᠡ᠃ ᠭᠠᠳᠠᠷ ᠨᠢ ᠨᠠᠷᠢᠯᠢᠭ ᠭᠤᠯᠢᠷ ᠢ | ᠬᠡᠷᠡᠭᠯᠡᠨ᠂ ᠪᠦᠯᠢᠶᠡᠨ ᠤᠰᠤ ᠪᠠᠷ ᠵᠢᠭᠤᠷᠠᠨ ᠨᠤᠬᠤᠵᠤ᠂ ᠲᠠᠬᠢᠨ ᠭᠤᠯᠢᠷ ᠢᠶᠠᠨ ᠨᠢᠭᠡ ᠴᠠᠭ ᠲᠠᠯᠪᠢᠭᠰᠠᠨ ᠤ ᠲᠠᠷᠠᠭ᠎ᠠ ᠬᠡᠷᠡᠭᠯᠡᠨ᠎ᠡ᠃ ᠵᠢᠭᠠᠬᠠᠨ ᠬᠤᠳᠣᠭᠤᠷ ᠢᠷᠤᠭᠠᠷ | ᠲᠠᠢ ᠲᠡᠭᠰᠢ ᠲᠣᠭᠤᠭ᠎ᠠ ᠶᠢ ᠬᠡᠷᠡᠭᠯᠡᠨ ᠲᠣᠰᠣ ᠪᠠᠨ ᠬᠠᠯᠠᠭᠰᠠᠨ ᠤ ᠲᠠᠷᠠᠭ᠎ᠠ ᠪᠣᠣᠪᠤ ᠪᠠᠨ ᠬᠢᠵᠦ ᠬᠠᠭᠠᠷᠢᠨ᠎ᠠ᠂ ᠭᠠᠳᠠᠷ ᠬᠠᠯᠢᠰᠤ ᠨᠢ ᠬᠡᠦᠷᠰᠢᠬᠦ ᠮᠠᠶ᠋ᠢᠭ ᠭᠠᠷᠪᠠᠯ ᠭᠠᠯ ᠢ | ᠨᠢ ᠪᠠᠭᠠᠰᠬᠠᠨ ᠰᠢᠷᠠᠵᠤ᠂ ᠨᠢᠭᠡ ᠲᠠᠯ᠎ᠠ ᠨᠢ ᠪᠣᠯᠪᠠᠯ ᠲᠡᠭᠰᠢ ᠬᠤᠰᠤᠭᠤᠷ ᠢᠶᠠᠷ ᠨᠦᠭᠦᠭᠡ ᠲᠠᠯ᠎ᠠ ᠶᠢ ᠨᠢ ᠰᠣᠯᠢᠵᠤ᠂ ᠰᠢᠷᠭᠠᠯ ᠥᠩᠭᠡ ᠲᠠᠢ ᠪᠣᠯᠪᠠᠯ ᠲᠣᠭᠤᠭᠠᠨ ᠠᠴᠠ | ᠭᠠᠷᠭᠠᠨ᠎ᠠ᠃ ᠱᠠᠯᠪᠢᠩ ᠬᠢᠬᠦ ᠳᠤ ᠮᠡᠷᠭᠡᠵᠢᠯ ᠤᠨ ᠱᠠᠭᠠᠷᠳᠠᠯᠭ᠎ᠠ ᠲᠠᠢ᠂ ᠭᠠᠳᠠᠷ ᠬᠠᠯᠢᠰᠤ ᠨᠢ ᠨᠢᠮᠭᠡᠨ ᠮᠥᠷᠲᠡᠭᠡᠨ ᠨᠡᠪᠲᠡ ᠦᠵᠡᠭᠳᠡᠨ᠂ ᠳᠣᠲᠣᠷ ᠭᠤᠣᠯ ᠨᠢ ᠵᠢᠭᠳᠡ | ᠲᠡᠩᠴᠡᠭᠦᠦ ᠪᠠᠶᠢᠵᠤ᠂ ᠪᠣᠭᠤᠭᠰᠠᠨ ᠤ ᠲᠠᠷᠠᠭ᠎ᠠ ᠭᠠᠷ ᠢᠶᠠᠷ ᠢᠶᠠᠨ ᠳᠠᠷᠤᠵᠤ ᠲᠡᠭᠰᠢᠯᠡᠨ᠎ᠡ᠃ ᠣᠨᠴᠠᠯᠢᠭ ᠨᠢ᠄ ᠭᠠᠳᠠᠷ ᠬᠠᠯᠢᠰᠤ ᠨᠢ ᠨᠢᠮᠭᠡᠨ ︵ᠬᠠᠭᠠᠷᠢᠵᠤ | ᠪᠤᠯᠭᠤᠭᠰᠠᠨ ᠤ ᠲᠠᠷᠠᠭ᠎ᠠ ᠭᠠᠳᠠᠨ᠎ᠠ ᠠᠴᠠ ᠨᠢ ᠳᠣᠲᠣᠷᠠᠬᠢ ᠢᠳᠡᠭᠡ ᠨᠢ ᠦᠵᠡᠭᠳᠡᠳᠡᠭ︶᠂ ᠮᠢᠬ᠎ᠠ ᠨᠢ ᠵᠤᠵᠠᠭᠠᠨ᠂ ᠭᠠᠳᠠᠷ ᠨᠢ ᠬᠡᠦᠷᠡᠭ ᠳᠣᠲᠣᠷ ᠨᠢ ᠵᠥᠭᠡᠯᠡᠨ᠂ | ᠲᠣᠰᠣᠯᠢᠭ ᠮᠥᠷᠲᠡᠭᠡᠨ ᠠᠮᠲᠠᠲᠠᠢ ᠪᠠᠶᠢᠳᠠᠭ ᠠᠴᠠ ︽ᠭᠤᠣᠯ ᠤᠨ ᠪᠠᠷᠠᠭᠤᠨᠲᠠᠢ ᠱᠠᠯᠪᠢᠩ ᠨᠢ ᠭᠤᠣᠯ ᠤᠨ ᠵᠡᠭᠦᠨᠲᠡᠢ ᠦᠨᠦᠷᠳᠡᠨ᠎ᠡ︾ ᠭᠡᠬᠦ ᠰᠠᠶᠢᠬᠠᠨ ᠬᠡᠯᠡᠯᠭᠡ ᠲᠠᠢ᠃ | | |