| ᠬᠠᠨ ᠢᠦ ᠠᠠ᠂ ᠨᠡᠷ᠎ᠡ ᠵᠦᠨ᠂ ᠴᠣᠯᠠ ᠵᠦᠸᠧ ᠿᠠᠨ᠂ ᠡᠷᠡᠭᠲᠡᠢ᠂ ᠬᠢᠲᠡᠳ ᠦᠨᠳᠦᠰᠦᠲᠡᠨ᠂ ᠨᠢᠩᠴᠧᠡᠭ ᠰᠢᠶᠠᠨ ᠤ ᠳ᠋ᠠᠶᠢᠮᠢᠩ ᠫᠢᠩᠹᠠᠨᠭ᠌ ᠲᠤᠰᠬᠤᠨ ᠤ | ᠬᠦᠮᠦᠨ᠂ 1899 ᠣᠨ ᠳᠤ ᠲᠦᠷᠦᠵᠠᠢ᠃ ᠿᠧᠾᠧ ᠮᠣᠵᠢ ᠶᠢᠨ ᠴᠧᠩᠳᠧ ᠶᠢᠨ ᠳᠤᠮᠳᠠᠳᠤ ᠰᠤᠷᠭᠠᠭᠤᠯᠢ ᠠᠴᠠ ᠲᠡᠭᠦᠰᠴᠤ᠂ 1931 ᠣᠨ ᠳᠤ ᠳ᠋ᠠᠨᠢᠩ ᠤᠨ | ᠵᠠᠰᠠᠭ ᠪᠠᠶᠢᠭᠤᠯᠬᠤ ᠲᠣᠪᠴᠢᠶ᠎ᠡ ᠪᠠᠶᠢᠭᠤᠯᠤᠭᠳᠠᠭᠰᠠᠨ ᠳᠤ ᠡᠳ᠋ ᠤᠨ ᠵᠠᠰᠠᠭ ᠤᠨ ᠲᠣᠪᠴᠢᠶ᠎ᠡ ᠶᠢᠨ ᠳᠠᠷᠤᠭ᠎ᠠ ᠶᠢᠨ ᠲᠤᠰᠢᠶᠠᠯ ᠳᠤ ᠲᠣᠮᠢᠯᠠᠭᠳᠠᠵᠠᠢ᠃ ᠲᠡᠷᠡ | ᠲᠣᠪᠴᠢᠶᠠᠨ ᠤ ᠪᠠᠨ ᠡᠭᠦᠳᠡᠨ ᠳᠡᠭᠡᠷ᠎ᠡ ︽ᠡᠳ᠋ ᠢ ᠠᠷᠠᠳ ᠠᠴᠠ ᠠᠪᠬᠤᠢ ᠳᠤᠷ ᠠᠷᠠᠳ ᠲᠤᠷ ᠬᠡᠷᠡᠭᠯᠡᠪᠡᠰᠦ ᠡᠳ᠋ ᠪᠠᠶᠠᠯᠢᠭ ᠳᠠᠭᠤᠰᠤᠰᠢ ᠦᠭᠡᠢ᠂ ᠵᠠᠰᠠᠭ ᠲᠥᠪ | ᠪᠣᠯᠪᠠᠰᠤ ᠬᠦᠮᠦᠨ ᠦᠯᠦ ᠵᠥᠷᠢᠴᠡᠮᠤᠢ᠂ ᠡᠨᠡ ᠢᠨᠦ ᠲᠥᠪ ᠶᠣᠰᠣᠨ ᠪᠤᠶᠤ︾ ᠭᠡᠰᠡᠨ ᠢᠯᠡᠷᠬᠡᠶᠢᠯᠡᠯ ᠢ ᠡᠯᠭᠦᠭᠰᠡᠨ ᠪᠠᠶᠢᠪᠠ᠃ 1933 ᠣᠨ ᠳᠤ ᠶᠠᠫᠣᠨ | ᠿᠧᠾᠧ ᠶᠢ ᠡᠵᠡᠯᠡᠭᠰᠡᠨ ᠤ ᠳᠠᠷᠠᠭ᠎ᠠ ᠲᠡᠷᠡ ᠲᠤᠰᠢᠶᠠᠯ ᠳᠤ ᠭᠠᠷᠬᠤ ᠦᠭᠡᠢ ᠭᠡᠵᠤ ᠭᠡᠷ ᠲᠤ ᠪᠠᠨ ᠰᠡᠯᠡᠭᠦᠦ ᠰᠠᠭᠤᠨ ︽ᠲᠦᠮᠡᠨ ᠵᠦᠢᠯ ᠳᠤᠷ ᠣᠯᠵᠠ ᠠᠰᠢᠭ ᠢ ᠦᠯᠦ | ᠪᠣᠳᠣᠨ ᠲᠥᠪ ᠵᠢᠷᠦᠮ ᠢ ᠡᠷᠬᠢᠮᠯᠡᠮᠦᠢ︾ ᠭᠡᠰᠡᠨ ᠰᠢᠯᠦᠭ ᠰᠢᠯᠦᠭᠯᠡᠵᠦ ᠥᠪᠡᠷ ᠢ ᠪᠠᠨ ᠲᠠᠶᠢᠳᠬᠤᠷᠠᠭᠤᠯᠳᠠᠭ ᠪᠠᠶᠢᠪᠠ᠃ ᠭᠡᠲᠡᠯ᠎ᠡ 1942 ᠣᠨ ᠳᠤ ᠶᠠᠫᠣᠨ ᠢ | ᠡᠰᠡᠷᠭᠦᠴᠡᠭᠴᠢ ᠵᠠᠩ ᠢ ᠢᠥᠢ᠂ ᠶᠢᠨ ᠿᠦᠩ ᠵᠢᠦ ᠲᠠᠢ ᠠᠭᠤᠯᠵᠠᠭᠰᠠᠨ ᠤ ᠪᠠᠨ ᠳᠠᠷᠠᠭ᠎ᠠ ᠬᠤᠪᠢᠰᠬᠠᠯ ᠢ ᠪᠦᠷᠢᠮᠦᠰᠦᠨ ᠳᠠᠮᠵᠢᠬᠦ ᠪᠠᠨ ᠢᠯᠡᠷᠬᠡᠶᠢᠯᠡᠵᠦ᠂ | ᠴᠠᠭᠳᠠᠭ᠎ᠠ ᠶᠢᠨ ᠵᠠᠬᠢᠷᠭ᠎ᠠ ᠶᠢᠨ ᠳᠠᠷᠤᠭ᠎ᠠ ᠴᠢ ᠽᠢ ᠵᠧᠨ ᠤ ᠨᠢᠭᠤᠴᠠ ᠲᠠᠨᠢᠯᠴᠠᠭᠤᠯᠭ᠎ᠠ ᠪᠠᠷ ᠮᠠ ᠵᠠᠨ ᠴᠧᠩᠽᠢ ᠲᠤᠰᠬᠤᠨ ᠤ ᠬᠠᠭᠤᠷᠮᠠᠭ ᠮᠠᠨᠵᠤ ᠶᠢᠨ ᠡᠪ | ᠨᠠᠶᠢᠷᠠᠮᠳᠠᠭᠤ ᠬᠤᠷᠠᠯ ᠤᠨ ᠳᠠᠷᠤᠭ᠎ᠠ ᠪᠣᠯᠵᠤ᠂ ᠡᠭᠦᠨ ᠢᠶᠠᠷ ᠢᠶᠠᠨ ᠬᠠᠯᠬᠠᠪᠴᠢ ᠪᠣᠯᠭᠠᠨ᠂ ᠨᠢᠭᠤᠴᠠ ᠠᠵᠢᠯᠲᠠᠨ ᠳᠤ ᠲᠠᠶᠢᠰᠤᠨ ᠤ ᠴᠢᠮᠡᠭᠡ ᠮᠡᠳᠡᠭᠡ ᠬᠠᠩᠭᠠᠵᠤ ᠪᠠᠶᠢᠪᠠ | ᠃ ᠲᠣᠬᠠᠢ ᠶᠢᠨ ᠦᠶ᠎ᠡ ᠳᠤ ᠴᠧᠩᠳᠧ ᠫᠢᠩᠴᠥᠸᠠᠨ ᠨᠢᠩᠴᠧᠡᠭ ᠤᠨ ᠬᠤᠯᠪᠣᠭᠠᠲᠤ ᠰᠢᠶᠠᠨ ᠤ ᠬᠠᠷᠢᠭᠤᠴᠠᠯᠭᠠᠲᠠᠨ ᠵᠠᠩ ᠯᠢ ᠸᠧᠨ ᠶᠠᠭ ᠲᠡᠭᠦᠨ ᠤ ᠭᠡᠷ ᠲᠤ ᠰᠠᠭᠤᠵᠤ | ᠪᠠᠶᠢᠵᠠᠢ᠃ ᠲᠡᠭᠦᠨ ᠤ ᠬᠠᠩᠭᠠᠭᠰᠠᠨ ᠨᠢᠭᠤᠴᠨ ᠮᠡᠳᠡᠭᠡ ᠪᠠᠷ ᠭᠤᠤ ᠴᠢᠶᠤᠤ ᠭᠤᠷᠪᠠᠳᠤᠭᠠᠷ ᠰᠠᠯᠪᠣᠷᠢ ᠠᠩᠭᠢ ᠪᠠᠨ ᠲᠠᠭᠠᠭᠤᠯᠵᠤ ᠰᠢᠶᠤᠤ ᠴᠧᠩᠽᠢ ᠶᠢ ᠴᠣᠬᠢᠵᠦ᠂ | ᠶᠡᠭᠡ ᠬᠡᠮᠵᠢᠶᠡᠨ ᠤ ᠡᠳ᠋ ᠪᠠᠷᠠᠭ᠎ᠠ ᠣᠯᠵᠠᠯᠠᠭᠰᠠᠨ ᠪᠠᠶᠢᠨ᠎ᠠ᠃ ᠴᠢᠯᠦᠭᠡᠯᠡᠭᠳᠡᠭᠰᠡᠨ ᠤ ᠳᠠᠷᠠᠭ᠎ᠠ ᠲᠡᠭᠦᠨ ᠢ ᠿᠧᠾᠧ ᠮᠣᠵᠢ ᠶᠢᠨ ᠵᠠᠰᠠᠭ ᠤᠨ ᠣᠷᠳᠣᠨ ᠤ ᠭᠡᠰᠢᠭᠦᠨ᠂ | ᠮᠤᠵᠢ ᠶᠢᠨ ᠰᠤᠷᠭᠠᠨ ᠬᠦᠮᠦᠵᠢᠯ ᠤᠨ ᠲᠢᠩᠬᠢᠮ ᠤᠨ ᠲᠠᠷᠤᠭ᠎ᠠ᠂ ᠮᠣᠵᠢ ᠶᠢᠨ ᠠᠷᠢᠬᠢᠨ ᠤ ᠦᠢᠯᠡᠰ ᠤᠨ ᠺᠣᠮᠫᠠᠨᠢ ᠶᠢᠨ ᠲᠠᠭᠠᠭᠠᠮᠠᠯ ᠵᠡᠷᠭᠡ ᠲᠤᠰᠢᠶᠠᠯ ᠳᠤ ᠲᠣᠮᠢᠯᠠᠪᠠ᠃ | 1953 ᠣᠨ ᠤ ᠨᠠᠮᠤᠷ ᠮᠣᠵᠢ ᠶᠢᠨ ᠤᠯᠤᠰ ᠲᠦᠷᠦ ᠶᠢᠨ ᠵᠦᠪᠯᠡᠯᠭᠡᠨ ᠳᠤ ᠠᠵᠢᠯ ᠰᠢᠯᠵᠢᠵᠦ᠂ 1954 ᠣᠨ ᠤ 5 ᠰᠠᠷ᠎ᠠ ᠳᠤ ᠲᠠᠷᠢᠬᠢᠨ ᠳᠤᠨᠢ ᠴᠢᠰᠤ ᠬᠠᠷᠪᠣᠵᠣ | ᠨᠠᠰᠤ ᠪᠠᠷᠠᠪᠠ᠃ | | |