| ᠮᠠ ᠳ᠋ᠧ ᠰᠢᠶᠠᠨ᠂ ᠡᠷᠭᠦᠭᠰᠡᠨ ᠨᠡᠷ᠎ᠡ ᠨᠢ ᠵᠢᠶᠦ᠋ᠨ ᠰᠢᠥᠸᠠᠨ᠂ ᠡᠷᠡᠭᠲᠡᠢ᠂ ᠬᠤᠲᠣᠩ ᠦᠨᠳᠦᠰᠦᠳᠡᠨ᠂ ᠯᠢᠨᠳᠦ᠋ᠡᠭ ᠤᠨ ᠯᠠᠯᠤ ᠶᠢᠨ ᠰᠦᠮ᠎ᠡ ᠶᠢ | ᠪᠠᠶᠢᠭᠤᠯᠤᠭᠴᠢ᠃ 1872 ᠣᠨ ᠳᠤ ᠹᠧᠡᠭ ᠲᠢᠶᠠᠨ ︵ᠮᠦᠭᠳᠡᠨ︶ ᠳᠤ ᠲᠦᠷᠦᠵᠠᠢ᠃ ᠲᠡᠭᠦᠨ ᠤ ᠡᠪᠦᠭᠡ ᠨᠢ ᠮᠦᠭᠳᠡᠨ ᠳᠤ ᠬᠠᠮᠠᠭᠠᠯᠠᠭᠴᠢ ᠶᠢᠨ ᠲᠣᠪᠴᠢᠶ᠎ᠠ | ᠡᠷᠬᠢᠯᠡᠵᠦ᠂ ᠦᠷᠭᠦᠯᠵᠢ ᠴᠧᠩᠳᠧ᠂ ᠤᠯᠠᠭᠠᠨᠬᠠᠳᠠ ᠪᠠᠷ ᠶᠠᠪᠤᠵᠤ ᠰᠠᠭᠤᠳᠠᠭ᠃ ᠮᠠ ᠳ᠋ᠧ ᠰᠢᠶᠠᠨ 9 ᠨᠠᠰᠤᠲᠠᠢ ᠳᠤ ᠪᠠᠨ ᠤᠯᠠᠭᠠᠨᠬᠠᠳᠠ ᠳᠤ ᠢᠷᠡᠵᠦ᠂ ᠯᠠᠯᠤ ᠶᠢᠨ | ᠬᠤᠶᠢᠲᠤ ᠰᠦᠮ᠎ᠡ ᠳᠤ ︽ᠬᠠᠢ ᠯᠢ ᠹᠠᠠ︾ ︵ᠠᠷᠠᠪ ᠪᠢᠴᠢᠭ ᠤᠨ ᠰᠤᠷᠤᠭᠴᠢ︶ ᠪᠣᠯᠵᠤ᠂ ᠥᠭᠡᠯᠡᠢ ᠪᠣᠯᠣᠭᠰᠠᠨ ᠤ ᠪᠠᠨ ᠳᠠᠷᠠᠭ᠎ᠠ ᠮᠦᠭᠳᠡᠨ ᠳᠤ ᠨᠤᠮ ᠰᠤᠷᠤᠨ᠂ | ᠪᠡᠭᠡᠵᠢᠩ ᠤᠨ ᠯᠠᠯᠤ ᠶᠢᠨ ᠰᠦᠮ᠎ᠡ ᠶᠢᠨ ᠵᠠᠩ ᠽᠢ ᠸᠧᠨ ᠠᠾᠦ᠋ᠩ ᠵᠡᠩᠰᠡ ᠵᠡᠭᠦᠯᠭᠡᠪᠡ᠃ ︵ᠠᠾᠦᠩ ᠪᠣᠯᠬᠤ ᠰᠤᠷᠤᠯᠭ᠎ᠠ ᠶᠢᠨ ᠨᠠᠮᠳᠠᠷ︶ ᠤᠯᠠᠭᠠᠨᠬᠠᠳᠠ ᠶᠢᠨ | ᠯᠠᠯᠤ ᠶᠢᠨ ᠬᠤᠶᠢᠳᠦ ᠰᠦᠮ᠎ᠡ ᠳᠤ ᠢᠷᠡᠭᠰᠡᠨ ᠤ ᠪᠠᠨ ᠳᠠᠷᠠᠭ᠎ᠠ ᠲᠠᠪᠣᠨ ᠬᠤᠭᠤᠴᠠᠭ᠎ᠠ ᠢ ᠮᠠ ᠮᠦ ︵ᠱᠠᠰᠢᠨ ᠤ ᠬᠤᠶᠠᠳᠣᠭᠠᠷ ᠠᠬᠠᠯᠠᠭᠴᠢ︶ ᠰᠠᠭᠤᠵᠤ᠂ 1931 | ᠣᠨ ᠳᠤ ᠪᠦᠬᠦ ᠭᠡᠷ ᠢᠶᠠᠷ ᠢᠶᠠᠨ ᠯᠢᠨᠳᠦ᠋ᠡᠭ ᠳᠤ ᠨᠡᠭᠦᠵᠦ ᠢᠷᠡᠨ᠂ ᠯᠢᠨᠳᠦ᠋ᠡᠭ ᠤᠨ ᠯᠠᠯᠤ ᠶᠢᠨ ᠰᠦᠮ᠎ᠡ ᠶᠢ ᠪᠠᠶᠢᠭᠤᠯᠬᠤ ᠳᠤ ᠢᠳᠡᠪᠬᠢᠳᠠᠢ ᠣᠷᠣᠯᠴᠠᠵᠤ᠂ ᠪᠠᠶᠢᠭᠤᠯᠵᠤ | ᠪᠠᠷᠠᠭᠰᠠᠨ ᠤ ᠪᠠᠨ ᠳᠠᠷᠠᠭ᠎ᠠ ᠠᠩᠬᠠᠨ ᠤ ᠠᠾᠦ᠋ᠩ ᠰᠠᠭᠤᠵᠠᠢ᠃ | ᠲᠡᠷᠡ ︽ᠺᠤᠷᠠᠨ ᠰᠤᠳᠤᠷ︾ ᠢ ᠪᠣᠯᠪᠠᠰᠤᠷᠠᠩᠭᠤᠢ ᠴᠡᠭᠡᠵᠢᠯᠡᠵᠦ᠂ ᠠᠷᠠᠪ ᠦᠰᠦᠭ ᠤᠨ ᠤᠷᠠᠨ ᠪᠢᠴᠢᠯᠭᠡ ᠳᠤ ᠳᠤᠷ᠎ᠠ ᠪᠠᠭ᠋ᠠᠲᠠᠢ᠂ ᠢᠰᠯᠠᠮ ᠤᠨ ᠱᠠᠰᠢᠨ ᠤ | ᠶᠣᠰᠣ ᠰᠠᠬᠢᠯ ᠢ ᠬᠢᠨᠠᠮᠠᠭᠠᠢ ᠵᠢᠷᠤᠮᠯᠠᠳᠠᠭ᠂ ᠵᠡᠷᠭᠡ ᠡᠷᠬᠢᠮᠲᠡᠳ ᠲᠤ ᠰᠠᠶᠢᠮᠰᠤᠷᠠᠬᠤ ᠦᠭᠡᠢ᠂ ᠶᠠᠳᠠᠭᠤᠴᠤᠳ ᠢ ᠥᠷᠥ ᠡᠪᠡᠳᠳᠡᠭ᠃ ᠠᠾᠦ᠋ᠩ ᠰᠠᠭᠤᠭᠰᠠᠨ | ᠬᠤᠭᠤᠴᠠᠭᠠᠨ ᠳᠤ ᠪᠠᠨ ᠶᠠᠳᠠᠭᠤ ᠬᠦᠴᠢᠷᠲᠠᠢ ᠬᠤᠲᠤᠩ ᠦᠨᠳᠦᠰᠦᠲᠡᠨ ᠪᠠ ᠮᠣᠩᠭᠤᠯ ᠬᠢᠲᠡᠳ ᠶᠠᠳᠠᠭᠤ ᠠᠷᠠᠳ ᠢ ᠦᠷᠭᠦᠯᠵᠢ ᠡᠷᠭᠦᠨ ᠲᠡᠳᠭᠦᠳᠡᠭ᠃ ᠬᠠᠭᠤᠷᠮᠠᠭ | ᠮᠠᠨᠵᠤ ᠶᠢᠨ ᠦᠶ᠎ᠡ ᠳᠤ ᠬᠠᠭᠤᠷᠮᠠᠭ ᠵᠠᠰᠠᠭ ᠤᠨ ᠭᠠᠵᠠᠷ ᠦᠨᠳᠦᠰᠦᠲᠡᠨ ᠤ ᠬᠤᠭᠤᠷᠤᠨᠳᠦ ᠳᠠᠬᠢ ᠬᠠᠷᠢᠴᠠᠭ᠎ᠠ ᠶᠢ ᠵᠠᠪᠰᠠᠷᠳᠠᠭᠤᠯᠵᠤ᠂ ᠦᠨᠳᠦᠰᠦᠲᠡᠨ ᠤ ᠵᠥᠷᠢᠴᠡᠯ ᠢ | ᠪᠣᠢ ᠪᠣᠯᠭᠠᠳᠠᠭ ᠴᠠᠭ ᠲᠥᠷᠥ ᠶᠢᠨ ᠪᠤᠳᠤᠯᠢᠶᠠᠨ ᠲᠠᠢ ᠪᠠᠶᠢᠳᠠᠯ ᠢ ᠠᠵᠢᠭᠠᠳ ᠬᠡᠳᠦ ᠤᠳᠠᠭ᠎ᠠ ᠠᠾᠦ᠋ᠩ ᠤᠨ ᠲᠤᠰᠢᠶᠠᠯ ᠠᠴᠠ ᠪᠠᠨ ᠪᠠᠭᠤᠵᠤ ᠭᠡᠷ ᠲᠤ ᠪᠠᠨ ᠰᠡᠯᠡᠭᠦᠦ | ᠰᠠᠭᠤᠵᠠᠢ᠃ ᠯᠢᠨᠳᠦ᠋ᠩ ᠴᠢᠯᠦᠭᠡᠯᠡᠭᠳᠡᠭᠰᠡᠨ ᠤ ᠳᠠᠷᠠᠭ᠎ᠠ ᠲᠡᠷᠡ ᠲᠦᠢᠯ ᠤᠨ ᠶᠡᠭᠡ ᠪᠠᠷ ᠪᠠᠶᠠᠷᠯᠠᠵᠤ᠂ ︽ᠡᠪ ᠬᠠᠮᠳᠤ ᠨᠠᠮ ᠮᠠᠤ ᠲᠡᠷᠢᠭᠦᠯᠡᠭᠴᠢ ᠪᠣᠯ ᠠᠮᠢᠳᠤ ᠱᠠᠢ ᠬᠠᠢ | ︵ᠪᠣᠭᠳᠠ︶︾ ᠭᠡᠵᠦ ᠬᠡᠯᠡᠭᠰᠡᠨ ᠪᠠᠶᠢᠨ᠎ᠠ᠃ 72 ᠨᠠᠰᠤᠲᠠᠢ ᠳᠤ ᠪᠠᠨ ᠲᠡᠷᠡ ᠲᠡᠬᠢᠵᠤ ᠠᠾᠦ᠋ᠩ ᠰᠠᠭᠤᠵᠤ᠂ ᠲᠥᠪ ᠤᠨ ᠦᠨᠳᠦᠰᠦᠲᠡᠨ ᠤ ᠲᠣᠬᠤᠨᠢᠭᠤᠯᠬᠤ | ᠪᠦᠯᠬᠦᠮ ᠵᠤᠤ ᠤᠳᠠ ᠠᠶᠢᠮᠠᠭ ᠲᠤ ᠢᠷᠡᠭᠰᠡᠨ ᠳᠤ ᠲᠤᠰᠢᠶᠠᠯ ᠵᠠᠯᠭᠠᠮᠵᠢᠯᠠᠭᠰᠠᠨ ᠠᠾᠦ᠋ᠩ ᠲᠠᠢ ᠪᠠᠨ ᠬᠠᠮᠲᠦ ᠮᠠᠣ ᠲᠡᠷᠢᠭᠦᠯᠡᠭᠴᠢ ᠳᠤ ᠨᠣᠭᠤᠭᠠᠨ ᠳᠤᠷᠳᠤᠩ | ᠬᠠᠳᠬᠤᠮᠠᠯ ᠲᠠᠢ ᠬᠡᠮᠡᠷᠯᠢᠭ ᠲᠤᠭ ᠬᠦᠷᠭᠡᠪᠡ᠃ 1953 ᠣᠨ ᠳᠤ ᠲᠡᠷᠡ ᠬᠥᠬᠡᠬᠤᠲᠠ ᠳᠤ ᠨᠡᠭᠦᠵᠦ᠂ 1962 ᠣᠨ ᠳᠤ 89 ᠨᠠᠰᠤᠲᠠᠢ ᠡᠪᠡᠳᠴᠢᠨ ᠢᠶᠠᠷ ᠨᠠᠰᠤ | ᠪᠠᠷᠠᠪᠠ᠃ | | | |