| ᠸᠠᠩ ᠰᠢᠤᠸᠠᠨ ᡁᠢ᠂ ᠡᠷᠡᠭᠲᠡᠢ᠂ ᠬᠢᠲᠠᠳ ᠦᠨᠳᠦᠰᠦᠲᠡᠨ᠂ ᠪᠠᠭᠠᠷᠢᠨ ᠵᠡᠭᠦᠨ ᠬᠤᠰᠢᠭᠤᠨ ᠤ ᠪᠣᠮᠪᠤ ᠶᠢᠨ ᠱᠠᠰᠢᠨ ᠤ ᠠᠬᠠᠯᠠᠭᠴᠢ᠂ ᠯᠢᠨᠳᠦ᠋ᠡᠭ ᠤᠨ ᠵᠡᠭᠦᠨ | ᠯᠣᠣᠶᠧ ᠶᠢᠨ ᠰᠦᠮ᠎ᠡ ᠶᠢ ᠪᠠᠳᠢᠷᠯᠠᠨ ᠪᠠᠶᠢᠭᠤᠯᠤᠭᠴᠢ᠃ 1875 ᠣᠨ ᠳᠤ ᠾᠧᠪᠧᠢ ᠮᠣᠵᠢ ᠶᠢᠨ ᠯᠧ ᠲᠢᠩ ᠳᠤ ᠲᠦᠷᠦᠵᠠᠢ᠃ ᠢᠷᠭᠡᠨ ᠤᠯᠤᠰ ᠤᠨ ᠠᠩᠬᠠᠨ ᠤ | ᠵᠢᠯ ᠯᠢᠨᠳᠦ᠋ᠩ ᠳᠤ ᠢᠷᠡᠵᠦ᠂ 1935 ᠣᠨ ᠳᠤ ᠵᠡᠬᠦᠨ ᠯᠣᠣᠶᠧ ᠶᠢᠨ ᠰᠦᠮ᠎ᠡ ᠶᠢ ᠪᠠᠳᠢᠷᠯᠠᠵᠤ ᠪᠠᠶᠢᠭᠤᠯᠪᠠ᠃ | 1944 ᠣᠨ ᠳᠤ ᠯᠢᠨᠳᠦ᠋ᠡᠭ ᠶᠡᠭᠡ ᠪᠠᠷ ᠭᠠᠩᠳᠠᠵᠦ᠂ ᠬᠡᠭᠡᠷ᠎ᠡ ᠭᠠᠲᠠᠨ᠎ᠠ ᠥᠯᠪᠡᠷᠴᠦ ᠦᠬᠦᠭᠰᠡᠨ ᠦᠬᠦᠳᠠᠯ ᠢᠶᠠᠷ ᠳᠦᠭᠦᠷᠴᠤ᠂ ᠦᠨᠦᠴᠢᠨ ᠲᠡᠨᠦᠭᠦᠯ | ᠬᠡᠣᠬᠡᠳ ᠭᠠᠵᠠᠷ ᠰᠠᠢ ᠦᠭᠡᠢ ᠬᠠᠷᠠᠭᠳᠠᠵᠤ ᠪᠠᠶᠢᠪᠠ᠃ ᠸᠠᠩ ᠰᠢᠥᠸᠠᠨ ᡁᠢ ᠰᠦᠮ᠎ᠡ ᠳᠤ ᠪᠠᠨ ᠥᠨᠥᠴᠢᠨ ᠬᠡᠣᠬᠡᠳ ᠤᠨ ᠬᠦᠷᠢᠶᠡᠯᠡᠩ ᠭᠠᠷᠭᠠᠵᠤ᠂ ᠴᠢᠯᠦᠭᠡᠯᠡᠭᠳᠡᠬᠦ | ᠦᠶᠡᠰ ᠨᠢᠭᠡᠨᠲᠡ 60 ᠭᠠᠷᠤᠢ ᠦᠨᠦᠴᠢᠨ ᠬᠡᠣᠬᠡᠳ ᠲᠠᠢ ᠪᠣᠯᠪᠠ᠃ ᠲᠡᠳᠡ ᠨᠠᠷ ᠰᠦᠮ᠎ᠡ ᠳᠤ ᠠᠮᠢᠳᠤᠷᠠᠵᠦ᠂ ᠬᠦᠳᠡᠯᠮᠦᠷᠢᠯᠡᠨ᠂ ᠪᠢᠴᠢᠭ ᠰᠤᠷᠴᠤ ᠪᠠᠶᠢᠪᠠ᠃ | ᠦᠨᠦᠴᠢᠨ ᠭᠡᠤᠭᠡᠳ ᠤᠨ ᠠᠮᠢᠳᠣᠷᠠᠯ ᠤᠨ ᠰᠦᠢᠳᠬᠡᠯ ᠢ ᠨᠢᠭᠡ ᠳᠤ ᠪᠠᠳᠢᠷ ᠡᠷᠢᠵᠦ᠂ ᠬᠤᠶᠠᠷ ᠲᠤ ᠬᠦᠳᠡᠯᠮᠦᠷᠢ ᠪᠠᠷ ᠣᠯᠳᠠᠭ᠃ ᠴᠢᠯᠦᠭᠡᠯᠡᠭᠳᠡᠭᠰᠡᠨ ᠤ ᠳᠠᠷᠠᠭ᠎ᠠ | ᠡᠳᠡᠭᠡᠷ ᠦᠨᠦᠴᠢᠨ ᠭᠡᠤᠭᠡᠳ ᠤᠨ ᠣᠯᠠᠩᠬᠢ ᠨᠢ ᠴᠢᠯᠦᠭᠡᠯᠡᠬᠦ ᠴᠡᠷᠢᠭ ᠲᠤ ᠣᠷᠤᠵᠤ᠂ ᠵᠠᠷᠢᠮ ᠨᠢ ᠺᠠᠳ᠋ᠷ ᠪᠣᠶᠤ ᠠᠵᠢᠯᠴᠢᠨ ᠪᠣᠯᠣᠭᠰᠠᠨ ᠪᠠᠶᠢᠨ᠎ᠠ᠃ ᠲᠡᠬᠦᠨ ᠤ ᠡᠨᠡ ᠬᠦ | ᠨᠢᠭᠦᠯᠡᠰᠦᠩᠭᠦᠢ ᠦᠢᠯᠡ ᠠᠵᠢᠯᠯᠠᠭ᠎ᠠ ᠨᠢ ᠯᠢᠨᠳᠦ᠋ᠡᠭ ᠤᠨ ᠠᠷᠠᠳ ᠲᠦᠮᠡᠨ ᠤ ᠮᠠᠭᠲᠠᠭᠠᠯ ᠰᠠᠶᠢᠰᠢᠶᠠᠯ ᠢ ᠣᠯᠵᠤ᠂ ᠵᠠᠰᠠᠭ ᠤᠨ ᠣᠷᠳᠤᠨ ᠠᠴᠠ ᠪᠠᠰᠠ ᠰᠦᠮ᠎ᠡ ᠶᠢᠨ | ᠡᠭᠦᠳᠡᠨ ᠳᠡᠭᠡᠷ᠎ᠡ ᠨᠢ ︽ᠥᠩᠭᠡ ᠭᠡᠷᠡᠯᠲᠡᠢ ᠴᠡᠷᠢᠭ ᠤᠨ ᠭᠡᠷ ᠪᠦᠯᠢ︾ ᠭᠡᠰᠡᠨ ᠢᠯᠡᠷᠬᠡᠶᠢᠯᠡᠯ ᠢ ᠡᠯᠭᠦᠭᠰᠡᠨ ᠪᠠᠶᠢᠨ᠎ᠠ᠃ 1959 ᠣᠨ ᠳᠤ ᠸᠠᠩ ᠰᠢᠥᠸᠠᠨ ᡁᠢ | ᠯᠢᠨᠳᠦ᠋ᠩ ᠳᠤ ᠡᠪᠡᠳᠴᠢᠨ ᠢᠶᠠᠷ ᠨᠠᠰᠤ ᠪᠠᠷᠠᠪᠠ᠂ ᠲᠤᠰ ᠵᠢᠯ ᠨᠢ 84 ᠨᠠᠰᠤᠲᠠᠢ᠃ | | | |