ᠬᠤᠶᠠᠳᠤᠭᠠᠷ ᠬᠡᠰᠡᠭ ᠣᠷᠣᠨ ᠰᠠᠭᠤᠴᠠ ᠶᠢᠨ ᠪᠦᠲᠦᠭᠡᠨ ᠪᠠᠶᠢᠭᠤᠯᠤᠯᠲᠠ | | ᠰᠢᠩ ᠯᠥᠩ ᠸᠠ᠂ ᠵᠣᠣ ᠪᠣᠣ ᠭᠧᠦ ᠵᠡᠷᠭᠡ ᠰᠣᠶᠣᠯ ᠤᠨ ᠦᠯᠡᠳᠡᠭᠳᠡᠯ ᠭᠡᠷᠡᠴᠢᠯᠡᠭᠰᠡᠨ ᠨᠢ ᠲᠤᠬᠠᠢ ᠶᠢᠨ ᠦᠶ᠎ᠡ ᠶᠢᠨ ᠣᠷᠣᠨ ᠰᠠᠭᠤᠴᠠ ᠳᠤ ᠳᠥᠷᠪᠡᠯᠵᠢᠨ | ᠪᠤᠶᠤ ᠮᠣᠬᠤᠭᠤ ᠥᠨᠴᠥᠭᠲᠦ ᠳᠥᠷᠪᠡᠯᠵᠢᠨ᠂ ᠤᠷᠲᠤ ᠳᠥᠷᠪᠡᠯᠵᠢᠨ ᠬᠡᠯᠪᠡᠷᠢ ᠲᠠᠢ ᠬᠠᠭᠠᠰ ᠨᠥᠬᠡᠨ ᠭᠡᠷ ᠭᠤᠣᠯᠯᠠᠵᠤ᠂ ᠭᠡᠷ ᠳᠣᠲᠣᠷ᠎ᠠ ᠨᠢ ᠮᠣᠳᠣᠨ ᠲᠤᠯᠭᠠᠭᠤᠷᠢ | ᠲᠠᠢ᠂ ᠲᠣᠭᠤᠷᠢᠭ ᠵᠤᠤᠬ᠎ᠠ ᠲᠠᠢ᠂ ᠡᠭᠦᠳᠡ ᠦᠭᠡᠢ᠂ ᠣᠷᠣᠢ ᠪᠠᠷ ᠢᠶᠠᠨ ᠣᠷᠣᠵᠤ ᠭᠠᠷᠳᠠᠭ᠂ ᠪᠠᠭ᠎ᠠ ᠨᠢ 10-20 ᠲᠡᠭᠰᠢ ᠳᠥᠷᠪᠡᠯᠵᠢᠨ ᠮᠧᠲᠷ᠂ ᠶᠡᠭᠡ ᠨᠢ | 100-140 ᠲᠡᠭᠰᠢ ᠳᠥᠷᠪᠡᠯᠵᠢᠨ ᠮᠧᠲᠷ ᠪᠠᠶᠢᠵᠠᠢ᠃ ᠤᠯᠠᠭᠠᠨ ᠬᠠᠳᠠ ᠰᠣᠶᠣᠯ ᠤᠨ ᠦᠶ᠎ᠡ ᠳᠤ ᠣᠷᠣᠨ ᠰᠠᠭᠤᠴᠠ ᠨᠢ ᠮᠥᠨᠴᠦ ᠳᠥᠷᠪᠡᠯᠵᠢᠨ᠂ ᠤᠷᠲᠤ | ᠳᠥᠷᠪᠡᠯᠵᠢᠨ ᠬᠡᠯᠪᠡᠷᠢ ᠪᠠᠷ ᠭᠤᠣᠯᠯᠠᠵᠤ᠂ ᠬᠠᠭᠠᠰ ᠨᠥᠬᠡᠨ ᠭᠡᠷ᠂ ᠳᠣᠲᠣᠷ᠎ᠠ ᠨᠢ ᠵᠤᠤᠬ᠎ᠠ ᠶᠢᠨ ᠣᠷᠣᠮ᠂ ᠬᠤᠯᠠᠩ ᠤᠨ ᠵᠠᠮ ᠲᠠᠢ᠂ ᠵᠠᠷᠢᠮ ᠨᠢ ᠵᠡᠭᠦᠨ ᠡᠮᠦᠨ᠎ᠡ | ᠵᠦᠭ ᠬᠠᠷᠠᠭᠰᠠᠨ ᠡᠭᠦᠳᠡ ᠲᠠᠢ᠃ ᠰᠢᠶᠣᠣ ᠾᠧ ᠶᠠᠨ ᠤ ᠰᠣᠶᠣᠯ ᠤᠨ ᠦᠶ᠎ᠡ ᠳᠤ ᠣᠷᠣᠨ ᠰᠠᠭᠤᠴᠠ ᠨᠢ ᠮᠥᠨᠴᠦ ᠬᠠᠭᠠᠰ ᠨᠦᠬᠡᠨ ᠭᠡᠷ ᠪᠠᠶᠢᠭᠰᠠᠨ ᠪᠣᠯᠪᠠᠴᠤ | ᠲᠣᠭᠤᠷᠢᠭ ᠪᠣᠶᠤ ᠵᠤᠤᠪᠠᠩ ᠲᠣᠭᠤᠷᠢᠭ ᠬᠡᠯᠪᠡᠷᠢ ᠭᠤᠣᠯᠯᠠᠵᠤ᠂ ᠴᠥᠭᠡᠨ ᠲᠣᠭᠠᠨ ᠤ ᠬᠢᠨᠢ ᠮᠣᠬᠤᠭᠤ ᠥᠨᠴᠥᠭᠲᠦ ᠳᠥᠷᠪᠡᠯᠵᠢᠨ ᠬᠡᠯᠪᠡᠷᠢ ᠲᠠᠢ ᠪᠠᠶᠢᠵᠤ᠂ ᠳᠣᠲᠣᠷ᠎ᠠ | ᠨᠢ ᠮᠣᠳᠣᠨ ᠵᠢᠶᠠᠰᠠ᠂ ᠲᠤᠯᠭᠠᠭᠤᠷᠢ ᠶᠢᠨ ᠨᠦᠬᠡ᠂ ᠵᠤᠤᠬ᠎ᠠ ᠶᠢᠨ ᠣᠷᠣᠮ ᠪᠠᠶᠢᠵᠤ᠂ ᠭᠠᠭᠴᠠ ᠳᠠᠩ ᠲᠠᠰᠤᠯᠭ᠎ᠠ ᠪᠣᠶᠣ ᠬᠤᠣᠰ ᠲᠠᠰᠤᠯᠭ᠎ᠠ ᠲᠠᠢ᠂ ᠵᠡᠭᠦᠨ ᠡᠮᠦᠨᠡᠰᠢ | ᠬᠠᠷᠠᠭᠰᠠᠨ ᠡᠭᠦᠳᠡ ᠲᠠᠢ ᠪᠠᠶᠢᠵᠠᠢ᠃ ᠰᠢᠶᠠ ᠵᠢᠶᠠ ᠳ᠋ᠢᠶᠠᠨ ᠤ ᠳᠣᠣᠷᠠᠳᠤ᠂ ᠳᠡᠭᠡᠳᠦ ᠳᠠᠪᠬᠤᠷᠭ᠎ᠠ ᠶᠢᠨ ᠰᠣᠶᠣᠯ ᠤᠨ ᠦᠶ᠎ᠡ ᠳᠤ ᠭᠡᠷ ᠪᠠᠶᠢᠰᠢᠩ ᠨᠢ ᠮᠥᠨ ᠴᠦ | ᠬᠠᠭᠠᠰ ᠨᠦᠬᠡᠨ ᠭᠡᠷ᠂ ᠲᠣᠭᠤᠷᠢᠭ ᠬᠡᠯᠪᠡᠷᠢ ᠪᠠᠷ ᠭᠤᠣᠯᠯᠠᠵᠤ᠂ ᠬᠡᠷᠡᠮ ᠤᠨ ᠰᠠᠭᠤᠷᠢ ᠶᠢ ᠴᠢᠯᠠᠭᠤ ᠪᠠᠷ ᠵᠡᠷᠭᠡᠯᠡᠨ ᠪᠠᠬᠢᠯᠡᠵᠦ᠂ ᠳᠣᠲᠣᠷ᠎ᠠ ᠲᠠᠯ᠎ᠠ ᠶᠢ ᠨᠢ ᠰᠢᠪᠡᠷ ᠢᠶᠠᠷ | ᠮᠢᠯᠢᠶᠠᠵᠤ᠂ ᠱᠠᠯᠠ ᠳᠤ ᠲᠦᠢᠫᠦ᠋ ᠳᠡᠪᠢᠰᠴᠦ᠂ ᠡᠭᠦᠳᠡᠨ ᠵᠠᠮ ᠭᠠᠷᠭᠠᠵᠠᠢ᠃ ᠶᠢᠨ ᠤᠯᠤᠰ᠂ ᠱᠠᠩ ᠤᠯᠤᠰ ᠤᠨ ᠰᠡᠭᠦᠯᠴᠢ ᠶᠢᠨ ᠬᠤᠭᠤᠴᠠᠭᠠᠨ ᠳᠤ᠂ ᠴᠢᠯᠠᠭᠤᠨ | ᠬᠡᠷᠡᠮ᠂ ᠲᠦᠢᠫᠦ᠋ ᠬᠡᠷᠡᠮ ᠪᠤᠢ ᠪᠣᠯᠵᠤ᠂ ᠡᠪᠡᠰᠦ ᠰᠢᠪᠠᠷ ᠢᠶᠠᠷ ᠵᠢᠭᠤᠷᠠᠵᠤ ᠬᠢᠭᠰᠡᠨ ᠲᠦᠢᠫᠦ᠋ ᠨᠢ 20×40×10 ᠰᠠᠨᠲ᠋ᠢᠮᠧᠲᠷ ᠬᠡᠮᠵᠢᠶ᠎ᠡ ᠲᠠᠢ᠂ ᠪᠠᠶᠢᠰᠢᠩ ᠨᠢ | ᠮᠥᠨ ᠴᠦ ᠲᠣᠭᠤᠷᠢᠭ ᠬᠡᠯᠪᠡᠷᠢ᠂ ᠤᠭᠤᠲᠠᠯᠢᠭ ᠬᠠᠭᠠᠰ ᠨᠦᠬᠡᠨ ᠭᠡᠷ ᠢᠶᠠᠨ ᠭᠤᠣᠯᠯᠠᠵᠤ᠂ ᠢᠯᠡ ᠪᠠᠷᠢᠭᠰᠠᠨ ᠴᠥᠭᠡᠨ ᠲᠣᠭᠠᠨ ᠤ ᠭᠡᠷ ᠪᠠᠶᠢᠰᠢᠩ ᠪᠤᠢ ᠪᠣᠯᠵᠤ᠂ | ᠡᠨᠡ ᠦᠶ᠎ᠡ ᠠᠴᠠ ᠭᠡᠷ ᠳᠣᠲᠣᠷ᠎ᠠ ᠨᠢ ᠰᠢᠪᠠᠷ ᠬᠠᠨᠵᠤ ᠲᠠᠢ ᠪᠣᠯᠤᠭᠰᠠᠨ ᠪᠠᠶᠢᠨ᠎ᠠ᠃ ᠰᠢᠶᠣᠣ ᠾᠧ ᠶᠠᠨ ᠤ ᠰᠣᠶᠣᠯ ᠠᠴᠠ ᠰᠡᠭᠦᠯᠡᠷ ᠤᠯᠠᠭᠠᠨᠬᠠᠳᠠ ᠣᠷᠣᠨ ᠤ | ᠣᠷᠣᠨ ᠰᠠᠭᠤᠴᠠ ᠨᠢ ᠲᠣᠭᠤᠷᠢᠭ ᠬᠡᠯᠪᠡᠷᠢ ᠪᠠᠷ ᠭᠤᠣᠯᠯᠠᠬᠤ ᠪᠣᠯᠵᠠᠢ᠃ | ᠮᠠᠯᠵᠢᠬᠤ ᠣᠷᠣᠨ ᠳᠤ ᠶᠤᠸᠠᠨ ᠤᠯᠤᠰ ᠠᠴᠠ ᠰᠡᠭᠦᠯᠡᠷ ᠣᠷᠣᠨ ᠰᠠᠭᠤᠴᠠ ᠨᠢ ᠮᠣᠩᠭᠤᠯ ᠭᠡᠷ ᠢᠶᠠᠷ ᠭᠤᠣᠯᠯᠠᠵᠤ ᠪᠠᠶᠢᠪᠠ᠃ ᠴᠢᠩ ᠤᠯᠤᠰ ᠤᠨ ᠦᠶ᠎ᠡ ᠳᠤ | ᠬᠢᠲᠠᠳᠴᠤᠳ ᠤᠨ ᠨᠥᠯᠥᠭᠡ ᠶᠢ ᠬᠦᠷᠲᠡᠵᠦ᠂ ᠴᠥᠭᠡᠨ ᠲᠣᠭᠠᠨ ᠤ ᠲᠣᠭᠲᠠᠮᠠᠯ ᠲᠣᠭᠤᠷᠢᠭ ᠭᠡᠷ ︵ᠪᠥᠮᠪᠥᠭᠡᠨ︶ ᠪᠣᠯᠣᠨ ᠳᠥᠷᠪᠡᠯᠵᠢᠨ ᠭᠡᠷ ᠠᠭᠠᠵᠢᠮ ᠢᠶᠠᠷ ᠪᠤᠢ | ᠪᠣᠯᠤᠭᠰᠠᠨ ᠪᠠᠶᠢᠨ᠎ᠠ᠃ | ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠬᠤ ᠠᠴᠠ ᠡᠮᠦᠨ᠎ᠡ ᠤᠯᠠᠭᠠᠨᠬᠠᠳᠠ ᠶᠢᠨ ᠮᠠᠯᠵᠢᠬᠤ ᠣᠷᠣᠨ ᠳᠤ ᠸᠠᠩ ᠭᠥᠩ ᠢᠵᠠᠭᠤᠷᠲᠠᠨ | ᠲᠣᠭᠤᠰᠬᠠᠨ ᠭᠡᠷ ᠲᠤ ᠰᠠᠭᠤᠵᠤ ᠪᠠᠶᠢᠭᠰᠠᠨ ᠠᠴᠠ ᠭᠠᠳᠠᠨ᠎ᠠ ᠣᠯᠠᠩᠬᠢ ᠮᠠᠯᠴᠢᠳ ᠮᠥᠨ ᠬᠦ ᠮᠣᠩᠭᠤᠯ ᠭᠡᠷ ᠲᠤ ᠰᠠᠭᠤᠵᠤ ᠪᠠᠶᠢᠪᠠ᠃ ᠮᠣᠩᠭᠤᠯ ᠭᠡᠷ ᠤᠨ | ᠣᠷᠣᠢ ᠶᠢᠨ ᠬᠡᠰᠡᠭ ᠨᠢ ᠪᠥᠭᠡᠷᠡᠩᠬᠡᠢ᠂ ᠬᠠᠨ᠎ᠠ ᠪᠣᠯᠣᠨ ᠲᠣᠭᠤᠨᠣ ᠪᠠᠷ ᠪᠦᠲᠦᠵᠦ᠂ ᠭᠠᠳᠠᠭᠤᠷ ᠨᠢ ᠢᠰᠡᠭᠡᠢ ᠪᠠᠷ ᠪᠦᠷᠢᠵᠦ᠂ ᠵᠤᠨ ᠤ ᠤᠯᠠᠷᠢᠯ ᠳᠤ ᠵᠠᠷᠢᠮ ᠨᠢ | ᠴᠢᠭᠢᠷᠰᠤ ᠪᠠᠷ ᠪᠦᠷᠢᠵᠦ᠂ ᠪᠦᠳᠦᠭᠦᠯᠢᠭ ᠬᠢᠯᠭᠠᠰᠤᠨ ᠳᠡᠭᠡᠰᠦ ᠪᠠᠷ ᠣᠷᠢᠶᠠᠨ ᠲᠣᠭᠲᠠᠭᠠᠳᠠᠭ᠃ ᠬᠠᠨᠠᠨ ᠳᠡᠭᠡᠷ᠎ᠡ ᠪᠠᠨ ᠨᠢᠭᠡ ᠡᠭᠦᠳᠡ ᠲᠠᠢ᠃ ᠮᠣᠩᠭᠤᠯ ᠭᠡᠷ ᠤᠨ | ᠶᠡᠭᠡ ᠪᠠᠭ᠎ᠠ ᠨᠢ ᠬᠠᠨ᠎ᠠ ᠶᠢᠨ ᠬᠡᠮᠵᠢᠶ᠎ᠡ ᠪᠠ ᠲᠤᠭ᠎ᠠ ᠪᠠᠷ ᠲᠣᠭᠲᠠᠭᠠᠭᠳᠠᠵᠤ᠂ ᠳᠥᠷᠪᠡ᠂ ᠵᠢᠷᠭᠤᠭ᠎ᠠ᠂ ᠨᠠᠢᠮᠠ᠂ ᠠᠷᠪᠠᠨ ᠬᠤᠶᠠᠷ ᠬᠠᠨ᠎ᠠ ᠲᠠᠢ ᠪᠠᠶᠢᠳᠠᠭ᠂ ᠭᠡᠷ | ᠳᠣᠲᠣᠷᠠᠬᠢ ᠲᠠᠯᠠᠪᠠᠢ ᠨᠢ 14 - 20 ᠲᠡᠭᠰᠢ ᠳᠥᠷᠪᠡᠯᠵᠢᠨ ᠮᠧᠲᠷ᠃ ᠪᠥᠮᠪᠥᠭᠡᠨ ᠭᠡᠷ ᠢ ᠪᠠᠶᠢᠭᠤᠯᠬᠤ ᠳᠤ ᠵᠠᠷᠢᠮ ᠨᠢ ᠪᠣᠭᠤᠳᠠᠯ ᠬᠡᠯᠪᠡᠷᠢ ᠶᠢᠨ ᠮᠣᠳᠣᠨ ᠵᠢᠶᠠᠰᠠ | ᠪᠣᠰᠬᠠᠵᠤ᠂ ᠪᠤᠷᠭᠠᠰᠤ ᠪᠠᠷ ᠰᠢᠪᠡᠭᠡᠯᠡᠨ ᠬᠦᠷᠢᠶᠡᠯᠡᠵᠦ᠂ ᠰᠢᠪᠡᠷ ᠪᠤᠶᠤ ᠦᠬᠡᠷ ᠤᠨ ᠪᠠᠭᠠᠰᠤ ᠪᠠᠷ ᠰᠢᠪᠠᠵᠤ᠂ ᠵᠠᠷᠢᠮ ᠨᠢ ᠵᠢᠮ ᠢᠶᠠᠷ ᠲᠣᠭᠤᠷᠢᠭᠤᠯᠤᠨ ᠵᠡᠷᠭᠡᠯᠡᠵᠦ᠂ ᠭᠡᠷ | ᠶᠢ ᠨᠢ ᠰᠢᠪᠠᠷ ᠢᠶᠠᠷ ᠮᠢᠯᠢᠶᠠᠵᠤ᠂ ᠸᠠᠭᠠᠷᠯᠠᠬᠤ ᠪᠤᠶᠤ ᠡᠪᠡᠰᠦ ᠪᠠᠷ ᠳᠠᠷᠤᠳᠠᠭ᠃ | ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ ᠤ ᠳᠠᠷᠠᠭ᠎ᠠ ᠵᠠᠰᠠᠭ ᠤᠨ ᠣᠷᠳᠣᠨ ᠠᠴᠠ ᠰᠠᠭᠤᠷᠢᠰᠢᠵᠤ ᠰᠡᠯᠭᠦᠨ | ᠪᠡᠯᠴᠢᠭᠡᠷᠯᠡᠭᠦᠯᠬᠦ ᠶᠢ ᠰᠠᠨᠠᠭᠠᠴᠢᠯᠠᠭᠰᠠᠨ ᠠᠴᠠ ᠨᠢᠭᠡ ᠪᠦᠯᠦᠭ ᠰᠠᠭᠤᠭᠠᠯᠢ ᠠᠷᠠᠳ ᠤᠨ ᠴᠡᠭ ᠠᠭᠠᠵᠢᠮ ᠢᠶᠠᠷ ᠪᠦᠷᠢᠯᠳᠦᠵᠡᠢ᠂ ᠭᠡᠪᠡᠴᠦ ᠣᠯᠠᠩᠬᠢ ᠨᠢ ᠤᠰᠤ | ᠪᠡᠯᠴᠢᠭᠡᠷ ᠢ ᠳᠠᠭᠠᠵᠤ᠂ ᠲᠠᠷᠠᠬᠠᠢ ᠪᠤᠲᠠᠷᠬᠠᠢ ᠰᠠᠭᠤᠷᠢᠰᠢᠵᠤ᠂ ᠨᠢᠭᠡ ᠬᠥᠨᠳᠡᠢ ᠳᠤ ᠨᠢᠭᠡ᠂ ᠬᠤᠶᠠᠷ ᠠᠶᠢᠯ ᠯᠡ ᠪᠠᠶᠢᠳᠠᠭ᠃ ᠣᠯᠠᠩᠬᠢ ᠨᠢ ᠢᠪᠴᠤᠤ ᠴᠢᠬᠤᠯ ᠰᠢᠪᠠᠷ | ᠪᠠᠶᠢᠰᠢᠩ ᠲᠠᠢ ᠪᠠᠶᠢᠪᠠ᠃ 20 ᠳ᠋ᠤᠭᠠᠷ ᠵᠠᠭᠤᠨ ᠤ ᠵᠢᠷᠠᠭᠠᠳ ᠣᠨ ᠳᠤ ᠤᠯᠠᠭᠠᠨᠬᠠᠳᠠ ᠶᠢᠨ ᠮᠠᠯᠵᠢᠬᠤ ᠣᠷᠣᠨ ᠳᠤ ᠰᠠᠭᠤᠷᠢᠰᠢᠨ ᠮᠠᠯᠵᠢᠬᠤ ᠶᠢ | ᠦᠨᠳᠦᠰᠦᠨ ᠳᠤ ᠪᠠᠨ ᠪᠡᠶᠡᠯᠡᠭᠦᠯᠵᠦ᠂ ᠨᠡᠯᠢᠶᠡᠳ ᠲᠥᠪᠯᠡᠷᠡᠨ ᠰᠠᠭᠤᠭᠰᠠᠨ ᠭᠠᠴᠠᠭ᠎ᠠ ᠪᠣᠢ ᠪᠣᠯᠵᠠᠢ᠃ ᠨᠠᠶᠠᠭᠠᠳ ᠣᠨ ᠠᠴᠠ ᠰᠡᠭᠦᠯᠡᠷ ᠮᠠᠯᠵᠢᠬᠤ ᠣᠷᠣᠨ ᠤ | ᠰᠠᠭᠤᠭᠠᠯᠢ ᠠᠷᠠᠳ ᠤᠨ ᠴᠡᠭ ᠨᠢ ᠴᠥᠮ ᠲᠥᠯᠥᠪᠵᠢᠵᠦ᠂ ᠪᠣᠭᠤᠨᠢ ᠢᠪᠴᠤᠤ ᠰᠢᠪᠡᠷ ᠭᠡᠷ᠂ ᠪᠥᠮᠪᠥᠭᠡᠨ ᠭᠡᠷ ᠪᠣᠯᠣᠨ ᠮᠣᠩᠭᠤᠯ ᠭᠡᠷ ᠴᠥᠬᠡᠨ ᠬᠠᠷᠠᠭᠳᠠᠬᠤ ᠪᠣᠯᠵᠤ᠂ | ᠲᠣᠭᠤᠰᠬᠠᠨ ᠭᠡᠷ᠂ ᠲᠣᠭᠤᠰᠬ᠎ᠠ ᠪᠧᠲ᠋ᠣᠨ ᠪᠦᠲᠦᠴᠡᠲᠦ ᠪᠠᠶᠢᠰᠢᠩ ᠭᠡᠷ ᠣᠯᠠᠰᠢᠷᠠᠵᠠᠢ᠃ 1990 ᠣᠨ ᠤ ᠰᠡᠭᠦᠯᠴᠢ ᠪᠠᠷ ᠪᠦᠬᠦ ᠬᠤᠲᠠ ᠳᠤ 43 ᠰᠤᠮᠤ᠂ 24. | 78 ᠲᠦᠮᠡᠨ ᠬᠥᠮᠥᠨ ᠠᠮᠠ ᠪᠠᠶᠢᠵᠤ᠂ ᠣᠷᠣᠨ ᠰᠠᠭᠤᠴᠠ ᠶᠢᠨ ᠲᠠᠯᠠᠪᠠᠢ ᠨᠢ 390 ᠲᠦᠮᠡᠨ ᠲᠡᠭᠰᠢ ᠳᠥᠷᠪᠡᠯᠵᠢᠨ ᠮᠧᠲᠷ᠂ ᠬᠥᠮᠥᠨ ᠳᠤᠮᠳᠠᠴᠢ ᠶᠢᠨ ᠣᠷᠣᠨ | ᠰᠠᠭᠤᠴᠠ ᠶᠢᠨ ᠲᠠᠯᠠᠪᠠᠢ ᠨᠢ 11.03 ᠲᠡᠭᠰᠢ ᠳᠥᠷᠪᠡᠯᠵᠢᠨ ᠮᠧᠲᠷ ᠬᠦᠷᠦᠭᠰᠡᠨ ᠪᠠᠶᠢᠨ᠎ᠠ᠃ | ᠴᠢᠩ ᠤᠯᠤᠰ ᠤᠨ ᠳᠤᠮᠳᠠᠴᠢ ᠰᠡᠭᠦᠯᠴᠢ ᠶᠢᠨ ᠦᠶ᠎ᠡ ᠳᠤ ᠲᠠᠷᠢᠶᠠᠯᠠᠬᠤ ᠣᠷᠣᠨ ᠳᠤ 8000 ᠭᠠᠷᠤᠢ ᠠᠶᠢᠯ ᠲᠣᠰᠬᠤᠨ ᠪᠠᠶᠢᠭᠤᠯᠤᠭᠳᠠᠵᠠᠢ᠂ ᠭᠡᠪᠡᠴᠦ | ᠣᠯᠠᠩᠬᠢ ᠨᠢ ᠶᠠᠳᠠᠭᠤ ᠲᠠᠷᠢᠶᠠᠴᠢᠨ ᠪᠠᠶᠢᠵᠤ᠂ ᠵᠠᠷᠢᠮ ᠨᠢ 1᠂ 2 ᠲᠠᠰᠤᠯᠭ᠎ᠠ ᠰᠢᠪᠠᠷ ᠭᠡᠷ ᠲᠤ ᠰᠠᠭᠤᠵᠤ᠂ ᠵᠠᠷᠢᠮ ᠨᠢ ᠨᠥᠭᠡᠨ ᠭᠡᠷ᠂ ᠭᠠᠵᠠᠷ ᠭᠡᠷ᠂ ᠡᠪᠡᠰᠦᠨ | ᠥᠪᠥᠩ ᠳᠤ ᠰᠠᠭᠤᠵᠤ ᠪᠠᠶᠢᠪᠠ᠃ ᠬᠥᠳᠡᠭᠡ ᠲᠣᠰᠬᠤᠨ ᠤ ᠭᠠᠵᠠᠷ ᠤᠨ ᠡᠵᠡᠨ ᠴᠥᠭᠡᠨ ᠲᠣᠭᠠᠨ ᠤ ᠲᠣᠭᠤᠰᠬᠠᠨ ᠭᠡᠷ ᠬᠦᠷᠢᠶ᠎ᠡ ᠪᠠᠶᠢᠭᠤᠯᠵᠤ᠂ ᠣᠯᠠᠩᠬᠢ | ᠲᠠᠷᠢᠶᠠᠴᠢᠳ ᠤᠨ ᠣᠷᠣᠨ ᠰᠠᠭᠤᠴᠠ ᠨᠢ ᠨᠣᠣᠷᠬᠠᠢ᠂ ᠠᠶᠢᠯ ᠲᠣᠰᠬᠤᠨ ᠢ ᠬᠤᠯᠠ ᠠᠴᠠ ᠬᠠᠷᠠᠪᠠᠯ ᠬᠦᠷᠡᠩᠳᠡᠨ ᠬᠠᠷᠠᠭᠳᠠᠳᠠᠭ ᠪᠠᠶᠢᠪᠠ᠃ 1949 ᠣᠨ ᠪᠣᠯᠬᠤ ᠳᠤ | ᠤᠯᠠᠭᠠᠨᠬᠠᠳᠠ ᠳᠤ 30 ᠭᠠᠷᠤᠢ ᠲᠦᠮᠡᠨ ᠲᠠᠷᠢᠶᠠᠴᠢᠨ ᠡᠷᠦᠬᠡ ᠪᠠᠶᠢᠵᠤ᠂ ᠣᠷᠣᠨ ᠰᠠᠭᠤᠴᠠ ᠶᠢᠨ ᠲᠠᠯᠠᠪᠠᠢ ᠨᠢ ᠪᠠᠷᠤᠭ 810 ᠲᠦᠮᠡᠨ ᠲᠡᠭᠰᠢ ᠳᠥᠷᠪᠡᠯᠵᠢᠨ | ᠮᠧᠲᠷ ᠪᠠᠶᠢᠵᠤ᠂ ᠬᠥᠮᠥᠨ ᠳᠤᠮᠳᠠᠴᠢ ᠶᠢᠨ ᠣᠷᠣᠨ ᠰᠠᠭᠤᠴᠠ ᠶᠢᠨ ᠲᠠᠯᠠᠪᠠᠢ ᠨᠢ 4 ᠲᠡᠭᠰᠢ ᠳᠥᠷᠪᠡᠯᠵᠢᠨ ᠮᠧᠲᠷ ᠬᠦᠷᠦᠭᠰᠡᠨ ᠪᠠᠶᠢᠨ᠎ᠠ᠃ | ᠭᠠᠵᠠᠷ ᠰᠢᠷᠣᠢ ᠶᠢᠨ ᠥᠭᠡᠷᠡᠴᠢᠯᠡᠯᠲᠡ ᠪᠠᠷ ᠳᠠᠮᠵᠢᠨ ᠲᠠᠷᠢᠶᠠᠴᠢᠳ ᠭᠠᠵᠠᠷ ᠰᠢᠷᠣᠢ ᠪᠠ ᠭᠡᠷ ᠪᠠᠶᠢᠰᠢᠩ ᠬᠤᠪᠢᠶᠠᠨ ᠣᠯᠵᠤ᠂ ᠣᠷᠣᠨ ᠰᠠᠭᠤᠴᠠ ᠶᠢᠨ | ᠨᠥᠬᠦᠴᠡᠯ ᠨᠢ ᠰᠠᠶᠢᠵᠢᠷᠠᠭᠰᠠᠨ ᠪᠠᠶᠢᠨ᠎ᠠ᠃ ᠲᠠᠷᠢᠶᠠᠯᠠᠩ ᠤᠨ ᠬᠤᠷᠰᠢᠶᠠᠵᠢᠯ᠂ ᠠᠷᠠᠳ ᠤᠨ ᠨᠢᠭᠡᠳᠦᠯᠵᠢᠯ ᠤᠨ ᠳᠠᠷᠠᠭ᠎ᠠ ᠠᠮᠢᠳᠤᠷᠠᠯ ᠤᠨ ᠪᠠᠶᠢᠳᠠᠯ ᠲᠣᠭᠲᠠᠭᠤᠨ ᠪᠣᠯᠵᠤ | ᠂ ᠲᠠᠷᠢᠶᠠᠴᠢᠳ ᠬᠠᠭᠤᠴᠢᠨ ᠭᠡᠷ ᠢᠶᠠᠨ ᠵᠠᠰᠠᠵᠤ ᠰᠢᠨ᠎ᠡ ᠭᠡᠷ ᠪᠠᠷᠢᠵᠤ᠂ ᠡᠷᠦᠬᠡ ᠪᠦᠷᠢ ᠨᠢᠭᠡ ᠣᠷᠣᠨ ᠰᠠᠭᠤᠴᠠ ᠲᠠᠢ ᠪᠠᠶᠢᠬᠤ ᠶᠢ ᠦᠨᠳᠦᠰᠦᠨ ᠳᠤ ᠪᠠᠨ | ᠪᠡᠶᠡᠯᠡᠭᠦᠯᠦᠭᠰᠡᠨ ᠪᠠᠶᠢᠨ᠎ᠠ᠃ ᠭᠡᠪᠡᠴᠦ ᠦᠢᠯᠡᠳᠪᠦᠷᠢᠯᠡᠯ ᠤᠨ ᠬᠥᠭᠵᠢᠯᠲᠡ ᠤᠳᠠᠭᠠᠨ᠂ ᠠᠵᠤ ᠠᠬᠤᠢ ᠶᠢᠨ ᠣᠷᠣᠯᠭ᠎ᠠ ᠳᠣᠣᠷ᠎ᠠ ᠠᠴᠠ ᠪᠣᠯᠵᠤ᠂ ᠪᠠᠶᠢᠭᠤᠯᠤᠭᠰᠠᠨ ᠭᠡᠷ | ᠪᠠᠶᠢᠰᠢᠩ ᠤᠨ ᠣᠯᠠᠩᠬᠢ ᠨᠢ ᠳᠣᠣᠷ᠎ᠠ ᠪᠠᠷᠢᠮᠵᠢᠶ᠎ᠠ ᠶᠢᠨ ᠰᠢᠪᠠᠷ ᠪᠠᠶᠢᠰᠢᠩ ᠪᠠᠶᠢᠵᠠᠢ᠂ ᠬᠡᠷᠡᠮ ᠢᠶᠠᠷ ᠲᠠᠰᠤᠯᠤᠭᠰᠠᠨ 3 ᠲᠠᠰᠤᠯᠭ᠎ᠠ ᠪᠤᠶᠤ 2 ᠲᠠᠰᠤᠯᠭ᠎ᠠ᠂ 2.8 | ᠮᠧᠲᠷ ᠠᠴᠠ 3 ᠮᠧᠲᠷ ᠥᠷᠭᠡᠨ᠂ 4.5 ᠮᠧᠲᠷ ᠠᠴᠠ 5 ᠮᠧᠲᠷ ᠭᠦᠨ ᠪᠠᠶᠢᠳᠠᠭ᠃ 20 ᠳ᠋ᠤᠭᠠᠷ ᠵᠠᠭᠤᠨ ᠤ ᠵᠢᠷᠠᠭᠠᠳ ᠣᠨ ᠳᠤ ᠴᠢᠯᠠᠭᠤᠨ ᠰᠠᠭᠤᠷᠢ᠂ | ᠰᠢᠷᠣᠢ ᠶᠢᠨ ᠬᠡᠷᠡᠮ᠂ ᠸᠠᠭᠠᠷ ᠤᠨ ᠣᠷᠣᠢ ᠲᠠᠢ ᠪᠠᠶᠢᠰᠢᠩ ᠪᠤᠶᠤ ᠲᠣᠭᠤᠰᠬ᠎ᠠ ᠪᠠᠷ ᠭᠠᠳᠠᠷᠯᠠᠭᠰᠠᠨ ᠰᠢᠷᠤᠢ ᠶᠢᠨ ᠬᠡᠷᠡᠮ ᠲᠠᠢ ᠪᠠᠶᠢᠰᠢᠩ ᠪᠤᠢ ᠪᠣᠯᠤᠭᠰᠠᠨ ᠪᠠᠶᠢᠨ᠎ᠠ᠃ | ᠳᠠᠯᠠᠭᠠᠳ ᠣᠨ ᠠᠴᠠ ᠸᠠᠭᠠᠷ ᠲᠣᠭᠤᠰᠬᠠᠨ ᠪᠦᠲᠦᠴᠡᠲᠦ ᠪᠠᠶᠢᠰᠢᠩ ᠡᠬᠢᠯᠡᠨ ᠪᠤᠢ ᠪᠣᠯᠵᠤ᠂ ᠬᠤᠲᠠ ᠶᠢᠨ ᠲᠡᠭᠦᠷᠭᠡ ᠳᠤ ᠲᠣᠭᠤᠰᠬ᠎ᠠ ᠪᠧᠲ᠋ᠣᠨ ᠪᠦᠲᠦᠴᠡᠲᠦ | ᠪᠠᠶᠢᠰᠢᠩ ᠪᠤᠢ ᠪᠣᠯᠵᠠᠢ᠃ ᠨᠢ 3.3 ᠮᠧᠲᠷ ᠥᠷᠭᠡᠨ᠂ 6 - 8 ᠮᠧᠲᠷ ᠭᠦᠨ ᠪᠠᠶᠢᠳᠠᠭ᠃ 20 ᠳ᠋ᠤᠭᠠᠷ ᠵᠠᠭᠤᠨ ᠤ ᠨᠠᠶᠠᠭᠠᠳ ᠣᠨ ᠳᠤ ᠬᠤᠲᠠ ᠶᠢᠨ ᠲᠡᠭᠦᠷᠭᠡ | ᠲᠣᠭᠤᠷᠢᠭ ᠪᠣᠯᠣᠨ ᠦᠢᠯᠡᠳᠪᠦᠷᠢᠯᠡᠯ ᠬᠥᠭᠵᠢᠭᠰᠡᠨ ᠭᠠᠵᠠᠷ ᠣᠷᠣᠨ ᠳᠤ ︽ᠠᠶᠢᠯ ᠪᠣᠯᠭᠠᠨ ᠸᠠᠭᠠᠷ ᠲᠣᠭᠤᠰᠬ᠎ᠠ ᠪᠡᠯᠡᠳᠬᠡᠵᠦ᠂ ᠲᠣᠰᠬᠤᠨ ᠪᠣᠯᠭᠠᠨ ᠰᠢᠨ᠎ᠡ ᠭᠡᠷ | ᠪᠠᠷᠢᠬᠤ︾ ᠪᠣᠯᠤᠭᠰᠠᠨ ᠪᠠᠶᠢᠨ᠎ᠠ᠃ | 1979 ᠣᠨ ᠠᠴᠠ 1985 ᠣᠨ ᠤ ᠪᠠᠶᠢᠴᠠᠭᠠᠯᠲᠠ ᠶᠢ ᠦᠨᠳᠦᠰᠦᠯᠡᠪᠡᠯ᠂ ᠲᠠᠷᠢᠶᠠᠴᠢᠳ ᠥᠪᠡᠷᠲᠡᠭᠡᠨ 4 ᠳ᠋ᠦᠩᠰᠢᠭᠤᠷ ᠲᠥᠭᠦᠷᠢᠭ ᠵᠠᠷᠤᠴᠠᠭᠤᠯᠵᠤ᠂ | ᠰᠢᠨ᠎ᠡ ᠣᠷᠣᠨ ᠰᠠᠭᠤᠴᠠ 1122 ᠲᠦᠮᠡᠨ ᠲᠡᠭᠰᠢ ᠳᠥᠷᠪᠡᠯᠵᠢᠨ ᠮᠧᠲᠷ ᠪᠠᠶᠢᠭᠤᠯᠵᠤ᠂ 23 ᠲᠦᠮᠡᠨ ᠲᠠᠷᠢᠶᠠᠴᠢᠨ ᠡᠷᠦᠬᠡ ᠰᠢᠨ᠎ᠡ ᠣᠷᠣᠨ ᠰᠠᠭᠤᠴᠠ ᠳᠤ ᠨᠡᠭᠦᠨ | ᠣᠷᠣᠭᠰᠠᠨ ᠪᠠᠶᠢᠨ᠎ᠠ᠃ 1986 ᠣᠨ ᠠᠴᠠ 1990 ᠣᠨ ᠪᠣᠯᠲᠠᠯ᠎ᠠ ᠪᠠᠰᠠ 87200 ᠲᠠᠷᠢᠶᠠᠴᠢᠨ ᠡᠷᠦᠬᠡ᠂ 583.81 ᠲᠦᠮᠡᠨ ᠲᠡᠭᠰᠢ ᠳᠥᠷᠪᠡᠯᠵᠢᠨ ᠮᠧᠲᠷ | ᠰᠢᠨ᠎ᠡ ᠭᠡᠷ ᠪᠠᠷᠢᠵᠤ᠂ ᠡᠭᠦᠨ ᠳᠤ ᠠᠰᠠᠷ 8.5 ᠲᠦᠮᠡᠨ ᠲᠡᠭᠰᠢ ᠳᠥᠷᠪᠡᠯᠵᠢᠨ ᠮᠧᠲᠷ᠂ ᠸᠠᠭᠠᠷ ᠲᠣᠭᠤᠰᠬ᠎ᠠ᠂ ᠲᠣᠭᠤᠰᠬ᠎ᠠ ᠪᠧᠲ᠋ᠣᠨ ᠪᠦᠲᠦᠴᠡᠲᠦ ᠭᠡᠷ 391.64 | ᠲᠦᠮᠡᠨ ᠲᠡᠭᠰᠢ ᠳᠥᠷᠪᠡᠯᠵᠢᠨ ᠮᠧᠲᠷ ᠪᠠᠶᠢᠵᠤ᠂ ᠲᠤᠰ ᠬᠤᠶᠠᠷ ᠵᠦᠢᠯ ᠨᠢ ᠰᠢᠨ᠎ᠡ ᠪᠠᠶᠢᠭᠤᠯᠤᠭᠰᠠᠨ ᠣᠷᠣᠨ ᠰᠠᠭᠤᠴᠠ ᠶᠢᠨ 68.5% ᠢ ᠡᠵᠡᠯᠡᠭᠰᠡᠨ ᠪᠠᠶᠢᠨ᠎ᠠ᠃ | ᠰᠢᠶᠠᠩ᠂ ᠰᠤᠮᠤ ᠶᠢᠨ ᠰᠠᠭᠤᠭ᠎ᠠ ᠭᠠᠵᠠᠷ ︵ᠲᠤᠰᠬᠠᠢ ᠪᠠᠯᠭᠠᠰᠤ ᠶᠢ ᠪᠠᠭᠲᠠᠭᠠᠬᠤ ᠦᠭᠡᠢ︶ ᠤᠨ ᠣᠷᠣᠨ ᠰᠠᠭᠤᠴᠠ ᠶᠢᠨ ᠪᠦᠲᠦᠭᠡᠨ ᠪᠠᠶᠢᠭᠤᠯᠤᠯᠲᠠ ᠨᠢ | ᠨᠡᠯᠢᠶᠡᠳ ᠲᠦᠷᠭᠡᠨ᠃ 212 ᠰᠢᠶᠠᠩ ᠰᠣᠮᠣ ᠶᠢᠨ ᠰᠠᠭᠤᠭ᠎ᠠ ᠭᠠᠵᠠᠷ ᠲᠤ 5.76 ᠲᠦᠮᠡᠨ ᠡᠷᠦᠬᠡ᠂ 24.3 ᠲᠦᠮᠡᠨ ᠬᠥᠮᠥᠨ ᠲᠠᠢ᠂ 1990 ᠣᠨ | ᠪᠣᠯᠬᠤ ᠳᠤ ᠣᠷᠣᠨ ᠰᠠᠭᠤᠴᠠ ᠶᠢᠨ ᠲᠠᠯᠠᠪᠠᠢ ᠨᠢ 416.63 ᠲᠦᠮᠡᠨ ᠲᠡᠭᠰᠢ ᠳᠥᠷᠪᠡᠯᠵᠢᠨ ᠮᠧᠲᠷ᠂ ᠡᠭᠦᠨ ᠳᠤ ᠠᠰᠠᠷ 1.67 ᠲᠦᠮᠡᠨ ᠲᠡᠭᠰᠢ ᠳᠥᠷᠪᠡᠯᠵᠢᠨ | ᠮᠧᠲᠷ ᠪᠣᠯᠵᠠᠢ᠂ ᠸᠠᠭᠠᠷ ᠲᠣᠭᠤᠰᠬ᠎ᠠ ᠪᠠ ᠲᠣᠭᠤᠰᠬ᠎ᠠ ᠪᠧᠲ᠋ᠣᠨ ᠪᠦᠲᠦᠴᠡᠲᠦ ᠪᠠᠶᠢᠰᠢᠩ 270.03 ᠲᠦᠮᠡᠨ ᠲᠡᠭᠰᠢ ᠳᠥᠷᠪᠡᠯᠵᠢᠨ ᠮᠧᠲᠷ ᠪᠣᠢ᠂ ᠲᠣᠰ ᠬᠤᠶᠠᠷ | ᠵᠦᠢᠯ ᠨᠢ ᠣᠷᠣᠨ ᠰᠠᠭᠤᠴᠠ ᠶᠢᠨ ᠶᠡᠷᠦᠩᠬᠡᠢ ᠲᠤᠭ᠎ᠠ ᠶᠢᠨ 43.09% ᠢ ᠡᠵᠡᠯᠡᠵᠦ᠂ ᠬᠥᠮᠥᠨ ᠳᠤᠮᠳᠠᠴᠢ ᠶᠢᠨ ᠣᠷᠣᠨ ᠰᠠᠭᠤᠴᠠ ᠶᠢᠨ ᠲᠠᠯᠠᠪᠠᠢ ᠨᠢ 1949 | ᠣᠨ ᠠᠴᠠ ᠡᠮᠦᠨᠡᠬᠢ 4 ᠲᠡᠭᠰᠢ ᠳᠥᠷᠪᠡᠯᠵᠢᠨ ᠮᠧᠲᠷ ᠪᠠᠶᠢᠭᠰᠠᠨ ᠠᠴᠠ ᠨᠡᠮᠡᠭᠳᠡᠭᠡᠳ 12.1 ᠲᠡᠭᠰᠢ ᠳᠥᠷᠪᠡᠯᠵᠢᠨ ᠮᠧᠲᠷ ᠪᠣᠯᠵᠠᠢ᠃ | | | |