| ᠴᠧᠡᠭ ᠽᠢ ᠢ᠂ ᠡᠷᠡᠭᠲᠡᠢ᠂ ᠬᠢᠲᠠᠳ ᠦᠨᠳᠦᠰᠦᠲᠡᠨ᠂ ᠾᠧᠪᠧᠢ ᠮᠣᠵᠢ ᠶᠢᠨ ᠪᠦᠸᠧ ᠶᠧ ᠰᠢᠶᠠᠨ ᠤ ᠬᠦᠮᠦᠨ᠂ ᠳᠤᠮᠳᠠᠳᠤ ᠤᠯᠤᠰ ᠤᠨ ᠡᠪ ᠬᠠᠮᠲᠤ | ᠨᠠᠮ ᠤᠨ ᠭᠡᠰᠢᠭᠦᠨ᠂ 1924 ᠣᠨ ᠳᠤ ᠲᠦᠷᠦᠵᠠᠢ᠃ ᠶᠠᠫᠣᠨ ᠢ ᠡᠰᠡᠷᠭᠦᠴᠡᠬᠦ ᠲᠠᠶᠢᠨ ᠤ ᠦᠶ᠎ᠡ ᠳᠤ ᠨᠣᠳᠤᠭ ᠲᠤ ᠪᠠᠨ ᠬᠤᠪᠢᠰᠬᠠᠯ ᠳᠤ ᠣᠷᠣᠯᠴᠠᠪᠠ᠃ 1946 | ᠣᠨ ᠤ ᠬᠠᠪᠤᠷ᠂ ᠨᠢᠩᠴᠧᠡᠭ ᠰᠢᠶᠠᠨ ᠳᠤ ᠢᠷᠡᠵᠦ ᠠᠵᠢᠯᠯᠠᠵᠠᠢ᠃ ᠲᠡᠷᠡ ᠤᠷᠢᠳ ᠢᠶᠠᠷ ᠿᠧᠾᠧ ᠮᠣᠵᠢ ᠶᠢᠨ ᠣᠷᠣᠨ ᠨᠤᠲᠤᠭ ᠤᠨ ᠨᠠᠮ ᠤᠨ ᠬᠤᠷᠢᠶ᠎ᠠ ᠶᠢᠨ ᠱᠦᠵᠢ | ᠸᠠᠩ ᠰᠢᠶᠣᠣ ᠼᠢ ᠶᠢᠨ ᠤᠲᠤᠷᠢᠳᠤᠭᠰᠠᠨ ᠪᠣᠷᠬᠠᠨᠲᠦ ᠶᠢᠨ ᠬᠠᠷᠬᠢᠰ ᠭᠠᠵᠠᠷ ᠤᠨ ᠡᠵᠡᠨ ᠺᠦᠡᠭ ᠵᠢᠥᠢ ᠴᠤᠸᠠᠨ ᠢ ᠴᠡᠪᠡᠷᠯᠡᠨ ᠪᠣᠳᠤᠬᠤ ᠲᠡᠮᠡᠴᠡᠯ ᠳᠤ ᠣᠷᠣᠯᠴᠠᠪᠠ᠃ | ᠲᠡᠷᠡ ᠵᠤᠭᠰᠤᠯᠲᠠ ᠪᠠᠲᠤ ᠮᠥᠷᠲᠡᠭᠡᠨ ᠣᠯᠠᠨ ᠲᠦᠮᠡᠨ ᠢ ᠢᠳᠡᠪᠬᠢᠲᠠᠢ ᠲᠠᠶᠢᠴᠢᠯᠠᠳᠠᠭ᠃ ᠲᠤᠰ ᠵᠢᠯ ᠤᠨ ᠡᠪᠦᠯ ᠭᠤᠷᠪᠠᠳᠤᠭᠠᠷ ᠴᠢᠥᠢ ᠶᠢᠨ ᠵᠣᠬᠢᠶᠠᠨ ᠪᠠᠶᠢᠭᠤᠯᠬᠤ | ᠭᠡᠰᠢᠭᠦᠨ ᠢᠶᠠᠷ ᠲᠣᠮᠢᠯᠠᠭᠳᠠᠵᠤ᠂ ᠣᠯᠠᠨ ᠲᠦᠮᠡᠨ ᠢ ᠲᠠᠶᠢᠴᠢᠯᠠᠨ ᠴᠡᠷᠢᠭ ᠢᠶᠠᠨ ᠬᠦᠷᠢᠶᠡᠯᠡᠵᠦ ᠡᠮᠦᠨ᠎ᠡ ᠹᠷᠤᠨᠲ ᠢ ᠳᠡᠮᠵᠢᠨ᠂ ᠬᠦᠦ ᠳᠦᠷᠢᠶᠠᠰᠦ ᠶᠢ ᠬᠦᠩᠭᠡᠯᠡᠵᠦ᠂ | ᠲᠣᠪᠤᠶᠢᠮ᠎ᠠ ᠠᠮᠵᠢᠯᠲᠠ ᠤᠯᠵᠤ᠂ ᠵᠢᠯ ᠤᠨ ᠡᠴᠦᠰ ᠲᠠᠪᠤᠳᠤᠭᠠᠷ ᠴᠢᠥᠢ ᠶᠢᠨ ᠱᠦᠵᠢ ᠶᠢᠨ ᠲᠤᠰᠢᠶᠠᠯ ᠳᠤ ᠲᠣᠮᠢᠯᠠᠭᠳᠠᠪᠠ᠃ 1947 ᠣᠨ ᠤ 1 ᠰᠠᠷ᠎ᠠ ᠳᠤ | ᠰᠢᠶᠠᠨ ᠤ ᠨᠠᠮ ᠤᠨ ᠬᠤᠷᠢᠶ᠎ᠠ ᠠᠴᠠ ᠾᠧᠢ ᠴᠧᠡᠭ᠂ ᠫᠢᠩᠹᠠᠨᠭ᠌ ᠵᠡᠷᠭᠡ ᠬᠤᠶᠠᠷ ᠲᠤᠰᠬᠤᠨ ᠳᠤ ᠭᠠᠵᠠᠷ ᠰᠢᠷᠦᠢ ᠶᠢᠨ ᠦᠭᠡᠷᠡᠴᠢᠯᠡᠯᠲᠡ ᠶᠢᠨ ᠴᠡᠭ ᠬᠢᠬᠦ ᠪᠠᠷ | ᠲᠣᠭᠲᠠᠵᠤ᠂ ᠴᠧᠡᠭ ᠽᠢ ᠢ ᠠᠵᠢᠯᠯᠠᠬᠤ ᠠᠩᠭᠢ ᠳᠤ ᠣᠷᠣᠯᠴᠠᠨ᠂ 2 ᠰᠠᠷ᠎ᠠ ᠶᠢᠨ 22 ᠤᠨ ᠦᠳᠡ ᠶᠢᠨ ᠡᠮᠦᠨ᠎ᠡ᠂ ᠾᠧᠢ ᠴᠧᠡᠭ ᠳᠤ ᠬᠠᠷᠢᠭᠤᠴᠠᠯᠭᠠᠳᠠᠨ ᠵᠤᠤ | ᠲᠤᠤ ᠶᠢᠨ ᠬᠤᠷᠠᠯᠳᠤᠭᠤᠯᠤᠭᠰᠠᠨ ᠲᠤᠷᠰᠢᠯᠲᠠ ᠶᠢᠨ ᠴᠡᠭ ᠤᠨ ᠬᠤᠷᠠᠯ ᠳᠤ ᠣᠷᠣᠯᠴᠠᠬᠤ ᠪᠠᠷ ᠶᠠᠪᠤᠵᠠᠢ᠃ ᠮᠠᠭᠤ ᠬᠤᠪᠢᠲᠡᠨ ᠤ ᠨᠢᠭᠤᠴᠨ ᠶᠢ | ᠵᠠᠳᠠᠷᠠᠭᠤᠯᠤᠭᠰᠠᠨ ᠠᠴᠠ ᠫᠢᠩᠴᠣᠸᠠᠨ ᠤ ᠭᠤᠮᠢᠨᠳᠠᠩ ᠤᠨ ᠮᠣᠷᠢᠲᠦ ᠴᠡᠷᠢᠭ ᠤᠨ ᠶᠡᠭᠡ ᠠᠩᠬᠢ᠂ ᠠᠷᠪᠠᠨ ᠭᠤᠷᠪᠠᠳᠤᠭᠠᠷ ᠠᠷᠮᠢ ᠶᠢᠨ ᠨᠢᠭᠡᠨ ᠬᠤᠷᠢᠶ᠎ᠡ ᠭᠡᠨᠡᠳᠲᠡ | ᠾᠧᠢ ᠴᠧᠡᠭ ᠢ ᠪᠦᠰᠡᠯᠡᠵᠦ᠂ ᠰᠢᠷᠦᠭᠦᠨ ᠪᠠᠶᠢᠯᠳᠤᠭᠠᠨ ᠬᠢᠵᠦ᠂ ᠵᠤᠤ ᠲᠤᠤ᠂ ᠵᠠᠩ ᠵᠧ ᠮᠢᠠ᠂ ᠴᠧᠡᠭ ᠽᠢ ᠢ᠂ ᠬᠤᠤ ᠢᠥᠢ ᠴᠢᠥᠸᠠᠨ ᠨᠠᠷ ᠪᠦᠰᠡᠯᠡᠯᠲᠠ ᠶᠢ | ᠰᠢᠪᠲᠤᠯᠤᠨ ᠭᠠᠷᠴᠤ᠂ ᠮᠠ ᠵᠢᠶᠠ ᠽᠢ ᠵᠦᠭ ᠤᠬᠤᠷᠢᠪᠠ᠃ ᠫᠢᠩᠹᠠᠨᠭ᠌ ᠲᠣᠰᠬᠤᠨ ᠳᠤ ᠪᠠᠰᠠ ᠠᠷᠪᠠᠨ ᠬᠡᠳᠦᠨ ᠴᠢᠥᠢ ᠶᠢᠨ ᠺᠠᠳ᠋ᠷ᠂ 30 ᠬᠡᠳᠦᠨ ᠴᠢᠥᠢ ᠶᠢᠨ ᠪᠠᠭ᠎ᠠ | ᠠᠩᠬᠢ ᠶᠢᠨ ᠭᠡᠰᠢᠭᠦᠨ ᠦᠯᠡᠳᠡᠭᠰᠡᠨ ᠪᠤᠯᠬᠤᠷ᠂ ᠴᠧᠡᠭ ᠽᠢ ᠢ ᠰᠠᠨᠠᠭ᠎ᠠ ᠠᠮᠤᠷ ᠦᠭᠡᠢ ᠲᠠᠬᠢᠨ ᠫᠢᠩᠹᠠᠨᠭ᠌ ᠳᠤ ᠪᠣᠴᠠᠪᠠ᠂ ᠪᠣᠴᠠᠬᠤ ᠵᠠᠮ ᠳᠤ ᠪᠠᠨ ᠲᠠᠶᠢᠰᠤᠨ ᠳᠤ | ᠪᠦᠰᠡᠯᠡᠭᠳᠡᠨ᠂ ᠭᠠᠭᠴᠠ ᠪᠠᠷ ᠢᠶᠠᠨ ᠲᠠᠶᠢᠰᠤᠨ ᠲᠠᠢ ᠪᠠᠶᠢᠯᠳᠤᠵᠤ᠂ ᠰᠢᠷᠠᠭᠲᠤᠭᠰᠠᠨ ᠤ ᠪᠠᠨ ᠳᠠᠷᠠᠭ᠎ᠠ ᠲᠡᠷᠡ ᠪᠢᠴᠢᠭ ᠮᠠᠲ᠋ᠧᠷᠢᠶᠠᠯ᠂ ᠨᠠᠮ ᠤᠨ ᠭᠡᠰᠢᠭᠦᠨ ᠤ ᠨᠡᠷᠡᠰ ᠤᠨ | ᠳᠡᠪᠲᠡᠷ ᠢᠶᠠᠨ ᠤᠷᠠᠵᠤ᠂ ᠫᠣᠣ ᠪᠠᠨ ᠪᠤᠯᠠᠨ᠂ ᠪᠠᠶᠢᠯᠳᠤᠭᠠᠨ ᠤ ᠳᠤᠮᠳᠠ ᠡᠷᠡᠯᠬᠡᠭ ᠪᠠᠭᠠᠳᠣᠷᠯᠢᠭ ᠢᠶᠠᠷ ᠪᠡᠶ᠎ᠡ ᠦᠷᠡᠭᠳᠡᠪᠡ᠂ ᠨᠠᠰᠤ ᠪᠠᠷᠠᠭᠰᠠᠨ ᠵᠢᠯ ᠢᠶᠠᠨ 24 ᠨᠠᠰᠤᠳᠠᠢ | ᠃ | | | |