| ᠯᠢᠤ ᠽᠢ ᠮᠢᠩ᠂ ᠡᠷᠡᠭᠲᠡᠢ᠂ ᠬᠢᠲᠡᠳ ᠦᠨᠳᠦᠰᠦᠲᠡᠨ᠂ ᠦᠨᠡᠨ ᠨᠡᠷ᠎ᠡ ᠨᠢ ᠵᠠᠩ ᠷᠦᠢ ᠦ᠋᠂ ᠾᠧᠪᠧᠢ ᠮᠣᠵᠢ ᠶᠢᠨ ᠯᠦᠸᠠᠨ ᠰᠢᠶᠠᠨ ᠤ ᠶᠠᠩ ᠵᠢᠶᠠ ᠺᠧᠦ | ᠵᠤᠸᠠᠩ ᠤᠨ ᠬᠦᠮᠦᠨ᠃ 1913 ᠣᠨ ᠳᠤ ᠲᠦᠷᠦᠵᠦ᠂ 1942 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠡᠯᠰᠡᠭᠳᠡᠪᠡ᠃ ᠾᠧᠪᠧᠢ ᠶᠢᠨ ᠵᠡᠭᠦᠨ | ᠬᠡᠰᠡᠭ ᠲᠤ ᠶᠠᠫᠣᠨ ᠢ ᠡᠰᠡᠷᠭᠦᠴᠡᠵᠦ ᠤᠯᠤᠰ ᠢᠶᠠᠨ ᠠᠪᠤᠷᠠᠬᠤ ᠠᠵᠢᠯ ᠢ ᠥᠷᠨᠢᠭᠦᠯᠵᠦ ᠪᠠᠶᠢᠪᠠ᠃ 1945 ᠣᠨ ᠳᠤ ᠶᠠᠫᠣᠨ ᠪᠠᠭᠤᠵᠤ ᠦᠭᠭᠦᠭᠰᠨᠨ ᠤ ᠲᠠᠷᠠᠭ᠎ᠠ᠂ | ᠵᠢᠨᠵᠧᠦ ᠶᠢᠨ ᠨᠠᠶᠢᠯᠠᠮᠠᠯ ᠰᠢᠲᠠᠭᠠᠯᠭ᠎ᠠ ᠶᠢᠨ ᠮᠠᠲ᠋ᠧᠷᠢᠶᠠᠯ ᠤᠨ ᠦᠢᠯᠡᠳᠪᠦᠷᠢ ᠳᠤ ᠠᠵᠢᠯ ᠰᠢᠯᠵᠢᠪᠡ᠃ 1946 ᠣᠨ ᠳᠤ ᠠᠤᠬᠠᠨ ᠬᠤᠰᠢᠭᠤᠨ ᠳᠤ ᠠᠵᠢᠯ ᠰᠢᠯᠵᠢᠵᠦ | ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠰᠢᠨ ᠳ᠋ᠦᠡᠭ ᠰᠢᠶᠠᠨ ᠤ ᠪᠠᠷᠠᠭᠤᠨ ᠴᠢᠥᠢ ᠶᠢᠨ ᠤᠯᠤᠰ ᠪᠠᠶᠢᠭᠤᠯᠬᠤ ᠬᠠᠮᠳᠤᠷᠠᠭᠰᠠᠨ ᠬᠤᠷᠠᠯ ᠤᠨ ᠵᠢᠭᠠᠨ | ᠵᠢᠯᠥᠭᠤᠲᠤᠭᠴᠢ ᠪᠠᠷ ᠲᠣᠮᠢᠯᠠᠭᠳᠠᠪᠠ᠃ ᠲᠤᠰ ᠵᠢᠯ ᠤᠨ ᠡᠪᠦᠯ ᠨᠢ ᠰᠢᠨ ᠳ᠋ᠦᠡᠭ ᠰᠢᠶᠠᠨ ᠤ ᠠᠷᠠᠳ ᠤᠨ ᠬᠦᠳᠡᠯᠭᠡᠭᠡᠨ ᠤ ᠬᠡᠯᠲᠡᠰ ᠤᠨ ᠳᠠᠷᠤᠭ᠎ᠠ ᠶᠢᠨ ᠲᠣᠰᠢᠶᠠᠯ ᠢ | ᠡᠭᠦᠷᠭᠡᠯᠡᠵᠦ ᠪᠠᠰᠠ ᠲᠠᠷᠢᠶᠠᠴᠢᠨ ᠤ ᠡᠪᠯᠡᠯ ᠤᠨ ᠡᠷᠬᠢᠯᠡᠭᠴᠢ ᠶᠢᠨ ᠲᠣᠰᠢᠶᠠᠯ ᠢ ᠬᠠᠪᠰᠤᠷᠭᠠᠨ ᠬᠠᠷᠢᠭᠤᠴᠠᠵᠦ ᠪᠠᠶᠢᠪᠠ᠃ 1947 ᠣᠨ ᠤ 1 ᠰᠠᠷ᠎ᠠ ᠶᠢᠨ 8 ᠤ | ᠡᠳᠦᠷ᠂ ᠯᠢᠣ ᠽᠢ ᠮᠢᠩ ᠶᠢᠨ ᠼᠧ ᠯᠦᠸᠧ ᠴᠧᠡᠭ ᠳᠤ ᠬᠤᠷᠠᠯ ᠳᠤ ᠶᠠᠪᠤᠬᠤ ᠵᠠᠪᠰᠢᠶᠠᠨ ᠢ ᠲᠠᠯᠢᠮᠳᠠᠭᠤᠯᠤᠨ᠂ ᠰᠢᠶᠠᠨ ᠤ ᠲᠠᠷᠢᠶᠠᠴᠢᠨ ᠤ ᠡᠪᠯᠡᠯ ᠳᠤ ᠰᠢᠷᠭᠤᠯᠠᠨ | ᠣᠷᠤᠵᠤ ᠢᠷᠡᠭᠰᠡᠨ ᠶᠠᠩ ᠭᠦᠸᠧ ᠶᠦᠨ᠂ ᠨᠢᠭᠤᠴᠠ ᠪᠠᠷ ᠭᠠᠵᠠᠷ ᠤᠨ ᠡᠵᠡᠨ ᠸᠠᠩ ᠭᠦᠸᠧ ᠵᠢᠤ ᠳᠤ ᠴᠢᠮᠡᠭᠡ ᠯᠡᠪᠡᠷᠡᠭᠦᠯᠵᠦ᠂ ᠸᠠᠩ ᠭᠦᠸᠧ ᠵᠢᠤ ᠱᠢ ᠲᠠᠢ ᠽᠢ | ᠲᠤᠰᠬᠤᠨ ᠤ ᠳᠠᠷᠤᠭ᠎ᠠ ᠯᠢ ᠵᠦᠡᠭ ᠯᠢᠶᠠᠩ ᠵᠢᠴᠢ ᠸᠠᠩ ᠳ᠋ᠢᠶᠠᠨ ᠹᠠᠨᠭ᠌᠂ ᠸᠠᠩ ᠳ᠋ᠢᠶᠠᠨ ᠬᠤᠢ᠂ ᠱᠢ ᠳ᠋ᠧᠡᠭ ᠴᠢᠶᠠᠩ ᠲᠠᠢ ᠰᠦᠯᠪᠡᠭᠡᠯᠡᠵᠦ ᠯᠢᠤ ᠽᠢ ᠮᠢᠩ ᠢ | ᠵᠠᠮ ᠳᠤᠨᠢ ᠬᠤᠣᠷᠯᠠᠬᠤ ᠪᠠᠷ ᠬᠤᠤᠪᠢᠯᠳᠤᠪᠠ᠃ ᠯᠢᠤ ᠽᠢ ᠮᠢᠩ ᠱᠢ ᠲᠠᠢ ᠽᠢ ᠲᠤᠰᠬᠤᠨ ᠢᠶᠠᠷ ᠦᠩᠭᠡᠷᠡᠨ ᠭᠠᠷᠬᠤ ᠦᠶᠡᠰ ᠨᠢᠭᠡᠨᠲᠠ ᠬᠠᠷᠠᠩᠭᠤᠢ ᠪᠣᠯᠣᠭᠰᠠᠨ ᠳᠤ | ᠲᠣᠰᠬᠤᠨ ᠤ ᠳᠠᠷᠤᠭ᠎ᠠ ᠯᠢ ᠵᠦᠩ ᠯᠢᠶᠠᠩ ᠵᠠᠮ ᠲᠠᠭᠠᠭᠤᠯᠤᠭᠴᠢ ᠲᠣᠮᠢᠯᠠᠵᠤ᠂ ᠸᠠᠩ ᠳ᠋ᠢᠶᠠᠨ ᠬᠤᠢ᠂ ᠱᠢ ᠳ᠋ᠧᠡᠭ ᠴᠢᠶᠠᠩ᠂ ᠸᠠᠩ ᠳ᠋ᠢᠶᠠᠨ ᠹᠠᠨᠭ᠌ ᠤᠨ ᠬᠦᠦ ᠬᠣ᠋ | ᠳ᠋ᠠᠢ ᠪᠠᠷ ᠬᠠᠮᠠᠭᠠᠯᠠᠨ ᠬᠦᠷᠭᠡᠬᠦ ᠨᠡᠷ᠎ᠡ ᠪᠠᠷ ᠵᠠᠮ ᠵᠠᠭᠤᠷ᠎ᠠ ᠯᠢᠦ ᠽᠢ ᠮᠢᠩ ᠢ ᠭᠡᠨᠡᠳᠲᠡ ᠫᠣᠣᠳᠠᠪᠠ᠂ ᠲᠡᠷᠡ ᠬᠤᠷᠴᠠ ᠱᠠᠯᠠᠮᠠᠭᠠᠢ ᠰᠣᠮᠣᠨ ᠳᠤ ᠣᠨᠣᠭᠳᠠᠬᠤ ᠶᠢᠨ ᠵᠡᠷᠭᠡ | ᠱᠢ ᠳ᠋ᠧᠡᠭ ᠴᠢᠶᠠᠩ ᠢ ᠬᠠᠷᠪᠤᠨ ᠠᠯᠠᠵᠠᠢ᠂ ᠡᠴᠦᠰ ᠲᠤ ᠪᠠᠨ ᠶᠡᠭᠡ ᠴᠢᠰᠤ ᠭᠠᠷᠤᠭᠰᠠᠨ ᠠᠴᠠ ᠡᠷᠡᠯᠬᠡᠭ ᠪᠠᠭᠠᠳᠤᠷᠯᠢᠭ ᠢᠶᠠᠷ ᠪᠡᠶ᠎ᠡ ᠦᠷᠡᠭᠳᠡᠪᠡ᠃ ᠨᠠᠰᠤ ᠪᠠᠷᠠᠭᠰᠠᠨ | ᠵᠢᠯ ᠢᠶᠠᠨ 35 ᠨᠠᠰᠤᠲᠠᠢ᠃ 2 ᠰᠠᠷ᠎ᠠ ᠶᠢᠨ 10 ᠤ ᠡᠳᠦᠷ ᠰᠢᠨ ᠳ᠋ᠦᠡᠭ ᠰᠢᠶᠠᠨ ᠤ ᠨᠠᠮ ᠵᠠᠰᠠᠭ ᠠᠴᠠ ᠯᠢᠤ ᠽᠢ ᠮᠢᠩ ᠳᠤ ᠮᠢᠩᠭᠠᠨ ᠬᠦᠮᠦᠨ ᠣᠷᠣᠯᠴᠠᠭᠰᠠᠨ | ᠭᠠᠰᠢᠭᠤᠳᠠᠯ ᠤᠨ ᠬᠤᠷᠠᠯ ᠬᠤᠷᠠᠯᠳᠤᠭᠤᠯᠵᠤ᠂ ᠣᠩᠭᠤᠨ ᠤ ᠬᠢᠨᠢ ᠡᠮᠦᠨ᠎ᠡ ᠶᠠᠷᠭᠠᠴᠢᠨ ᠶᠠᠩ ᠬᠦᠸᠧ ᠶᠦᠨ᠂ ᠸᠠᠩ ᠭᠦᠸᠧ ᠵᠢᠤ᠂ ᠸᠠᠩ ᠳ᠋ᠢᠶᠠᠨ ᠹᠠᠨᠭ᠌᠂ ᠸᠠᠩ | ᠳ᠋ᠢᠶᠠᠨ ᠬᠤᠢ᠂ ᠯᠢ ᠵᠦᠡᠭ ᠯᠢᠶᠠᠩ ᠢ ᠠᠯᠠᠪᠠ᠃ | | | |