| ᠶᠠᠩ ᠶᠢᠨ ᠣᠤ᠂ ᠡᠷᠡᠭᠲᠡᠢ᠂ ᠬᠢᠲᠡᠳ ᠦᠨᠳᠦᠰᠦᠲᠡᠨ᠂ 1924 ᠣᠨ ᠳᠤ ᠾᠧᠪᠧᠢ ᠮᠣᠵᠢ ᠶᠢᠨ ᠸᠠᠨ ᠰᠢᠶᠠᠨ ᠤ ᠡᠧ ᠴᠤᠸᠠᠨ ᠲᠤᠰᠬᠤᠨ ᠳᠤ ᠲᠦᠷᠦᠵᠠᠢ | ᠃ 1941 ᠣᠨ ᠳᠤ ᠬᠤᠪᠢᠰᠬᠠᠯ ᠳᠤ ᠣᠷᠣᠯᠴᠠᠵᠤ᠂ ᠸᠠᠨ ᠰᠢᠶᠠᠨ ᠤ ᠵᠢᠷᠭᠤᠳᠤᠭᠠᠷ ᠴᠢᠥᠢ ᠶᠢᠨ ᠵᠠᠯᠠᠭᠤᠴᠤᠳ ᠤᠨ ᠤᠯᠤᠰ ᠢᠶᠠᠨ ᠠᠪᠤᠷᠠᠬᠤ ᠬᠤᠷᠠᠯ ᠤᠨ | ᠡᠷᠬᠢᠯᠡᠭᠴᠢ ᠪᠠᠶᠢᠪᠠ᠃ ᠲᠡᠷᠡ ᠡᠳᠦᠷ ᠰᠦᠨᠢ ᠶᠢ ᠢᠯᠭᠠᠯ ᠦᠭᠡᠢ ᠣᠯᠠᠨ ᠲᠦᠮᠡᠨ ᠢ ᠲᠠᠶᠢᠴᠢᠯᠠᠵᠦ ᠠᠮᠤ ᠪᠤᠳᠠᠭ᠎ᠠ᠂ ᠱᠠᠬᠠᠢ ᠲᠠᠳᠠᠪᠦᠷᠢᠯᠡᠵᠦ᠂ ᠡᠮᠦᠨ᠎ᠡ ᠹᠷᠤᠨᠲ ᠢ | ᠲᠠᠮᠵᠢᠨ᠂ ᠲᠠᠶᠢᠰᠤᠨ ᠤ ᠪᠠᠶᠢᠳᠠᠯ ᠢ ᠲᠠᠩᠨᠠᠵᠤ᠂ ᠴᠡᠷᠢᠭ ᠠᠩᠭᠢ ᠳᠤ ᠴᠢᠮᠡᠭᠡ ᠳᠠᠮᠵᠢᠭᠤᠯᠵᠤ ᠪᠠᠶᠢᠪᠠ᠃ 1945 ᠣᠨ ᠤ 8 ᠰᠠᠷ᠎ᠠ ᠳᠤ ᠶᠠᠫᠣᠨ ᠢ ᠡᠰᠡᠷᠭᠦᠴᠡᠬᠦ | ᠲᠠᠶᠢᠨ ᠢᠯᠠᠯᠲᠠ ᠤᠯᠤᠭᠰᠠᠨ ᠤ ᠳᠠᠷᠠᠭ᠎ᠠ᠂ ᠡᠭᠡᠨᠡᠷ ᠬᠡᠦᠬᠡᠳ ᠠᠴᠠ ᠪᠠᠨ ᠰᠠᠯᠵᠤ ᠿᠧᠾᠧ ᠳᠤ ᠢᠷᠡᠵᠦ ᠠᠵᠢᠯ ᠥᠷᠨᠢᠭᠦᠯᠪᠠ᠃ 1946 ᠣᠨ ᠤ 2 ᠰᠠᠷ᠎ᠠ ᠳᠤ | ᠵᠢᠶᠠᠨ ᠰᠢ ᠰᠢᠶᠠᠨ ︵ᠥᠨᠥ ᠶᠢᠨ ᠬᠠᠷᠠᠴᠢᠨ ᠬᠤᠰᠢᠭᠤ︶ ᠤ ᠬᠦᠡᠭ ᠤᠨ ᠬᠤᠷᠤᠭ᠎ᠠ ᠴᠢᠥᠢ ᠶᠢᠨ ᠳᠠᠷᠤᠭ᠎ᠠ ᠶᠢᠨ ᠲᠤᠰᠢᠶᠠᠯ ᠢ ᠡᠭᠦᠷᠭᠡᠯᠡᠪᠡ᠃ ᠭᠤᠮᠢᠨᠳᠠᠩ | ᠤᠯᠠᠭᠠᠨᠬᠠᠳᠠ᠂ ᠫᠢᠩᠵᠤᠸᠠᠩ ᠢ ᠡᠵᠡᠯᠡᠭᠰᠡᠨ ᠤ ᠳᠠᠷᠠᠭ᠎ᠠ᠂ ᠲᠡᠷᠡ ᠣᠯᠠᠨ ᠲᠦᠮᠡᠨ ᠢ ᠢᠳᠡᠪᠬᠢᠲᠠᠢ ᠲᠠᠶᠢᠴᠢᠯᠡᠵᠤ᠂ ᠲᠡᠭᠡᠷᠡᠮ ᠢ ᠤᠰᠠᠳᠬᠠᠵᠤ ᠬᠠᠷᠬᠢᠰᠴᠤᠳ ᠢ | ᠳᠠᠷᠤᠩᠭᠤᠶᠢᠯᠠᠨ᠂ ᠬᠦᠦ ᠳᠦᠷᠢᠶᠡᠰᠦ ᠶᠢ ᠬᠥᠩᠭᠡᠯᠡᠬᠦ ᠠᠵᠢᠯ ᠢ ᠥᠷᠨᠢᠭᠦᠯᠪᠡ᠃ 1946 ᠣᠨ ᠤ 11 ᠰᠠᠷ᠎ᠠ ᠶᠢᠨ ᠨᠢᠭᠡᠨ ᠤ ᠡᠳᠦᠷ᠂ ᠶᠠᠩ ᠶᠢᠨ ᠣᠤ ᠶᠠᠭ | ᠰᠠᠶ᠋ᠢᠬᠠᠨ ᠴᠢᠥᠢ ᠶᠢᠨ ᠠᠯᠪᠠᠨ ᠭᠠᠵᠠᠷ ᠬᠤᠷᠠᠯ ᠬᠢᠵᠦ ᠪᠠᠶᠢᠲᠠᠯ᠎ᠠ᠂ ᠭᠡᠨᠡᠳᠲᠡ ᠲᠤᠯᠤᠭ᠎ᠠ ᠨᠠᠢᠮᠠᠨ ᠵᠠᠭᠤᠨ ᠳᠡᠭᠡᠷᠡᠮ ᠳᠤ ᠪᠦᠰᠡᠯᠡᠭᠳᠡᠪᠡ᠃ ᠲᠡᠷᠡ ᠪᠣᠰᠤᠳ ᠢ | ᠤᠷᠢᠳ ᠢᠶᠠᠷ ᠪᠦᠰᠡᠯᠡᠯᠲᠡ ᠶᠢ ᠰᠢᠪᠳᠤᠯᠤᠨ ᠭᠠᠷᠭᠠᠬᠤ ᠶᠢᠨ ᠲᠥᠯᠥᠭᠡ᠂ ᠲᠠᠶᠢᠰᠤᠨ ᠤ ᠭᠠᠯᠯᠠᠯᠤᠭᠠ ᠶᠢ ᠪᠡᠶ᠎ᠡ ᠵᠦᠭ ᠢᠶᠠᠨ ᠲᠠᠲᠠᠵᠤ᠂ ᠪᠠᠭᠠᠳᠤᠷᠯᠢᠭ ᠢᠶᠠᠷ ᠪᠡᠶ᠎ᠡ | ᠥᠷᠡᠭᠳᠡᠪᠡ᠃ ᠨᠠᠰᠤ ᠪᠠᠷᠠᠭᠰᠠᠨ ᠵᠢᠯ ᠢᠶᠠᠨ 23 ᠨᠠᠰᠤᠲᠠᠢ᠃ | | | |