ᠨᠢᠩᠴᠧᠩ ᠰᠢᠶᠠᠨ ᠡᠬᠢ ᠡᠭᠦᠰᠦᠯ ᠠᠴᠠ ᠨᠢ ᠡᠬᠢᠯᠡᠨ ᠠᠳᠬᠤᠵᠤ ᠢᠳᠡᠭᠡᠨ ᠤᠮᠳᠠᠭᠠᠨ ᠤ ᠠᠮᠤᠷ ᠲᠦᠪᠰᠢᠨ ᠢ ᠪᠠᠲᠤᠯᠠᠪᠠ
ᠨᠡᠶᠢᠲᠡᠯᠡᠭᠰᠡᠨ ᠴᠠᠭ᠄
2024/1/24
      ︽ᠬᠤᠶᠠᠷ ᠪᠠᠶᠠᠷ︾᠎ ᠤᠨ ᠬᠤᠭᠤᠴᠠᠭᠠᠨ ᠳᠤ᠂ ᠢᠳᠡᠰᠢᠨ ᠨᠣᠭᠤᠭ᠎ᠠ ᠶᠢᠨ ᠠᠮᠤᠷ ᠲᠦᠪᠰᠢᠨ ᠢ ᠪᠠᠲᠤᠯᠠᠵᠤ᠂ ᠬᠤᠲᠠ ᠶᠢᠨ ᠠᠷᠠᠳ ᠤᠨ ᠰᠠᠨᠠᠭ᠎ᠠ ᠠᠮᠤᠷ ᠢᠳᠡᠰᠢᠨ ᠨᠣᠭᠤᠭ᠎ᠠ ᠢᠳᠡᠬᠦ ᠶᠢ ᠪᠠᠲᠤᠯᠠᠬᠤ ᠶᠢᠨ ᠲᠥᠯᠥᠭᠡ᠂ ᠨᠢᠩᠴᠧᠩ ᠰᠢᠶᠠᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠲᠠᠷᠢᠶᠠᠯᠠᠩ ᠤᠨ ᠪᠦᠲᠦᠭᠡᠭᠳᠡᠬᠦᠨ ᠢ ᠰᠤᠭᠤᠴᠢᠨ ᠪᠠᠶᠢᠴᠠᠭᠠᠬᠤ ᠠᠵᠢᠯ ᠢ ᠥᠷᠨᠢᠭᠦᠯᠵᠦ᠂ ᠨᠡᠶᠢᠲᠡ 169 ᠬᠤᠪᠢ ᠥᠯᠢᠭᠡᠷ ᠡᠳ᠋ ᠢ ᠰᠤᠭᠤᠴᠢᠨ ᠪᠠᠶᠢᠴᠠᠭᠠᠵᠤ᠂ 167 ᠬᠤᠪᠢ ᠰᠢᠯᠭᠠᠨ ᠪᠠᠶᠢᠴᠠᠭᠠᠵᠤ ᠬᠢᠷᠢ ᠲᠡᠩᠴᠡᠵᠦ᠂ 2 ᠬᠤᠪᠢ ᠬᠢᠷᠢ ᠲᠡᠩᠴᠡᠭᠰᠡᠨ ᠦᠭᠡᠢ᠂ ᠬᠢᠷᠢ ᠲᠡᠩᠴᠡᠭᠰᠡᠨ ᠨᠣᠷᠮ᠎ᠠ 99%᠎ ᠳᠤ ᠬᠦᠷᠴᠡᠢ᠃      ᠰᠣᠩᠭᠤᠨ ᠪᠠᠶᠢᠴᠠᠭᠠᠭᠠᠳ ᠬᠢᠷᠢ ᠲᠡᠩᠴᠡᠭᠰᠡᠨ ᠦᠭᠡᠢ ᠲᠠᠷᠢᠶᠠᠯᠠᠩ ᠤᠨ ᠪᠦᠲᠦᠭᠡᠭᠳᠡᠬᠦᠨ ᠤ ᠲᠤᠬᠠᠢ ᠰᠢᠶᠠᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠶᠢᠨ ᠬᠠᠤᠯᠢ ᠬᠡᠷᠡᠭᠵᠢᠭᠦᠯᠬᠦ ᠠᠵᠢᠯᠲᠠᠨ ᠪᠠᠶᠢᠴᠠᠭᠠᠨ ᠰᠢᠯᠭᠠᠭᠰᠠᠨ ᠮᠡᠳᠡᠭᠦᠯᠦᠯᠲᠡ ᠪᠠᠨ ᠲᠤᠬᠠᠢ ᠶᠢᠨ ᠬᠥᠮᠥᠨ ᠳᠤ ᠬᠦᠷᠭᠡᠪᠡ᠃ ᠬᠠᠤᠯᠢ ᠠᠴᠠ ᠵᠥᠷᠢᠴᠡᠭᠰᠡᠨ ᠠᠵᠢᠯᠯᠠᠭ᠎ᠠ ᠶᠢ ᠨᠢ ᠴᠠᠭ ᠲᠤᠬᠠᠢ ᠳᠤᠨᠢ ᠵᠠᠯᠠᠷᠠᠭᠤᠯᠵᠤ᠂ ᠬᠢᠷᠢ ᠲᠡᠩᠴᠡᠬᠦ ᠦᠭᠡᠢ ᠲᠠᠷᠢᠶᠠᠯᠠᠩ ᠤᠨ ᠪᠦᠲᠦᠭᠡᠭᠳᠡᠬᠦᠨ ᠢ ᠵᠠᠬ᠎ᠠ ᠳᠡᠯᠭᠡᠭᠦᠷ ᠲᠤ ᠣᠷᠣᠭᠤᠯᠵᠤ ᠪᠣᠷᠣᠯᠠᠭᠤᠯᠬᠤ ᠦᠭᠡᠢ ᠪᠠᠶᠢᠬᠤ ᠶᠢᠨ ᠵᠡᠷᠭᠡᠴᠡᠭᠡᠪᠡᠷ ᠰᠢᠳᠬᠡᠬᠦ ᠪᠠ ᠰᠤᠷᠭᠠᠨ ᠬᠥᠮᠥᠵᠢᠭᠦᠯᠬᠦ ᠶᠢ ᠤᠶᠠᠯᠳᠤᠭᠤᠯᠬᠤ ᠶᠢ ᠪᠠᠷᠢᠮᠲᠠᠯᠠᠬᠤ ᠶᠢᠨ ᠬᠠᠮᠲᠤ ᠴᠠᠭ ᠲᠤᠬᠠᠢ ᠳᠤᠨᠢ ᠨᠡᠶᠢᠭᠡᠮ ᠳᠤ ᠨᠡᠶᠢᠲᠡᠯᠡᠵᠦ᠂ ᠪᠤᠰᠤᠳ ᠲᠠᠷᠢᠶᠠᠯᠠᠩ ᠤᠨ ᠪᠦᠲᠦᠭᠡᠭᠳᠡᠬᠦᠨ ᠢ ᠦᠢᠯᠡᠳᠪᠦᠷᠢᠯᠡᠨ ᠡᠵᠡᠩᠨᠡᠭᠴᠢᠳ ᠤᠨ ᠤᠬᠠᠮᠰᠠᠷ ᠠᠴᠠ ᠪᠠᠨ ᠬᠠᠤᠯᠢ ᠶᠢ ᠰᠠᠬᠢᠬᠤ ᠶᠢ ᠰᠡᠷᠡᠮᠵᠢᠯᠡᠭᠦᠯᠪᠡ᠃ ᠲᠤᠰ ᠤᠳᠠᠭᠠᠨ ᠤ ᠲᠠᠷᠢᠶᠠᠯᠠᠩ ᠤᠨ ᠪᠦᠲᠦᠭᠡᠭᠳᠡᠬᠦᠨ ᠢ ᠪᠠᠶᠢᠴᠠᠭᠠᠨ ᠰᠢᠯᠭᠠᠵᠤ ᠰᠣᠩᠭᠤᠨ ᠪᠠᠶᠢᠴᠠᠭᠠᠬᠤ ᠠᠵᠢᠯ ᠳᠤ ︽ᠨᠢᠭᠡ ᠶᠢ ᠨᠢ ᠰᠢᠢᠳᠪᠦᠷᠢᠯᠡᠵᠦ᠂ ᠨᠢᠭᠡ ᠪᠦᠯᠦᠭ ᠢ ᠨᠢ ᠬᠥᠮᠥᠵᠢᠭᠦᠯᠵᠦ᠂ ᠨᠢᠭᠡ ᠪᠦᠯᠦᠭ ᠢ ᠨᠢ ᠰᠡᠷᠡᠮᠵᠢᠯᠡᠭᠦᠯᠬᠦ︾᠎ ᠪᠠᠷ ᠠᠷᠭ᠎ᠠ ᠪᠠᠷᠢᠯ ᠪᠣᠯᠭᠠᠵᠤ᠂ ᠴᠡᠭ ᠢᠶᠠᠷ ᠨᠡᠶᠢᠳᠡᠮ ᠢ ᠲᠠᠶᠢᠴᠢᠯᠠᠨ ᠲᠠᠷᠢᠶᠠᠯᠠᠩ ᠤᠨ ᠪᠦᠲᠦᠭᠡᠭᠳᠡᠬᠦᠨ ᠤ ᠶᠠᠰᠤ ᠴᠢᠨᠠᠷ ᠢ  ᠪᠠᠲᠤᠯᠠᠨ᠎ᠠ᠃
ᠢᠷᠡᠯᠲᠡ᠄ ᠨᠢᠩᠴᠧᠩ ᠰᠢᠶᠠᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ