ᠤᠯᠠᠭᠠᠨᠬᠠᠳᠠ ᠶᠢᠨ ᠬᠤᠶᠢᠲᠤ ᠰᠢᠨ᠎ᠡ ᠬᠦᠭᠦᠷᠭᠡ ᠤᠯᠠᠭᠠᠨᠬᠠᠳᠠ ᠠᠴᠠ ᠪᠣᠷᠤᠬᠤᠲᠠ ᠬᠦᠷᠬᠦ ᠵᠠᠰᠠᠮᠠᠯ ᠵᠠᠮ ᠤᠨ ᠬᠤᠩ ᠱᠠᠨ ᠲᠣᠭᠤᠷᠢᠭ ᠤᠨ ᠬᠡᠰᠡᠭ ᠲᠤ | ᠪᠠᠶᠢᠳᠠᠭ᠃ ᠤᠯᠠᠭᠠᠨᠬᠠᠳᠠ ᠠᠴᠠ ᠬᠤᠶᠢᠲᠤ ᠬᠡᠰᠡᠭ ᠲᠤ ᠨᠡᠪᠲᠡᠷᠡᠬᠦ ᠵᠠᠮ ᠤᠨ ᠡᠬᠢᠨ ᠳᠤ᠂ ᠢᠩᠭᠡ ᠶᠢᠨ ᠭᠤᠣᠯ ᠢ ᠰᠤᠨᠳᠠᠯᠠᠵᠤ ᠪᠤᠢ᠂ ᠪᠦᠬᠦ ᠤᠷᠲᠤ ᠨᠢ 315.18 | ᠮᠧᠳ᠋ᠷ᠃ ᠳᠡᠭᠡᠷ᠎ᠡ ᠬᠡᠰᠡᠭ ᠤᠨ ᠪᠦᠲᠦᠴᠠ ᠨᠢ 7 ᠭᠤᠯᠳᠤᠷᠢᠯ ᠲᠠᠢ᠂ ᠴᠡᠪᠡᠷ ᠠᠯᠭᠠᠰᠠᠯ ᠨᠢ 40 ᠮᠧᠳ᠋ᠷ ᠤᠨ ᠬᠦᠨᠲᠡᠢ ᠬᠡᠪᠡᠯᠢ ᠲᠠᠢ ᠪᠣᠯᠣᠳ ᠪᠧᠲ᠋ᠤᠨ ᠢᠶᠠᠷ ᠬᠢᠭᠰᠡᠨ | ᠬᠤᠣᠰ ᠮᠣᠷᠣᠢ ᠭᠤᠯᠳᠤᠩ ᠬᠦᠭᠦᠷᠭᠡ ᠪᠣᠯᠣᠨ᠎ᠠ᠂ ᠭᠤᠯᠳᠤᠩ ᠤᠨ ᠨᠤᠮᠤᠯᠵᠢᠨ ᠤ ᠬᠠᠷᠢᠴᠠᠯ ᠨᠢ 1:6 ᠪᠠᠶᠢᠳᠠᠭ᠃ ᠳᠣᠣᠷ᠎ᠠ ᠬᠡᠰᠡᠭ ᠤᠨ ᠪᠦᠲᠦᠴᠡ ᠨᠢ | ᠴᠢᠯᠠᠭᠤ ᠪᠠᠷ ᠵᠡᠷᠭᠡᠯᠡᠭᠰᠡᠨ ᠬᠦᠨᠳᠦ ᠳᠠᠭᠠᠭᠠᠴᠠᠲᠤ ᠬᠡᠯᠪᠡᠷᠢ ᠶᠢᠨ ᠲᠤᠯᠭᠠᠭᠤᠷ ᠪᠣᠯᠣᠨ᠎ᠡ᠃ ᠬᠦᠭᠦᠷᠭᠡᠨ ᠵᠠᠮ ᠤᠨ ᠥᠷᠭᠡᠨ ᠨᠢ 7 ᠮᠧᠲᠷ᠂ ᠬᠤᠶᠠᠷ ᠲᠠᠯ᠎ᠠ ᠪᠠᠷ ᠨᠢ | ᠲᠣᠰ ᠪᠦᠷᠢ 1.5 ᠮᠧᠲᠷ ᠤᠨ ᠶᠠᠪᠠᠭᠠᠨ ᠬᠦᠮᠦᠨ ᠤ ᠵᠠᠮ ᠭᠠᠷᠭᠠᠵᠠᠢ᠃ ᠪᠠᠷᠢᠮᠵᠢᠶ᠎ᠠ ᠲᠠᠭᠠᠭᠠᠴᠠ ᠨᠢ ᠮᠠᠰᠢᠨ ᠲᠡᠷᠭᠡ — 13 ᠲᠣᠨ᠂ ᠴᠢᠷᠦᠭᠦᠯ ᠲᠠᠢ ᠲᠡᠷᠭᠡ | — 60 ᠲᠣᠨ᠃ ᠬᠦᠭᠦᠷᠭᠡ ᠶᠢᠨ ᠪᠦᠬᠦ ᠪᠠᠷᠢᠯᠭ᠎ᠠ ᠶᠢᠨ ᠤᠷᠲᠤ ᠨᠢ 2139.25 ᠮᠧᠲᠷ᠂ ᠡᠭᠦᠨ ᠳᠤ ᠬᠦᠭᠦᠷᠭᠡ ᠶᠢᠨ ᠭᠤᠣᠯ ᠪᠡᠶ᠎ᠡ ︵315.18 ᠮᠧᠲᠷ︶ | ᠠᠴᠠ ᠭᠠᠳᠠᠨ᠎ᠠ ᠵᠠᠮ ᠲᠠᠢ ᠵᠠᠯᠭᠠᠬᠰᠡᠨ ᠬᠡᠰᠡᠭ ᠪᠠᠭᠲᠠᠵᠤ ᠪᠠᠶᠢᠳᠠᠭ᠃ ᠬᠦᠭᠦᠷᠭᠡ ᠪᠣᠯᠣᠨ ᠵᠠᠮ ᠲᠠᠢ ᠵᠠᠯᠭᠠᠬᠰᠡᠨ ᠬᠡᠰᠡᠭ ᠤᠨ ᠭᠠᠳᠠᠷᠭᠤ ᠳᠤ 3 ᠰᠠᠨᠲ᠋ᠢᠮᠧᠳ᠋ᠷ | ᠴᠠᠷᠳᠠᠮᠠᠯ ᠲᠣᠰᠤ ᠳᠡᠪᠢᠰᠴᠦ᠂ ᠵᠠᠮ ᠤᠨ ᠰᠠᠭᠤᠷᠢ ᠶᠢᠨ ᠥᠷᠭᠡᠨ ᠨᠢ 9 ᠮᠧᠳ᠋ᠷ᠂ ᠭᠠᠳᠠᠷᠭᠤ ᠶᠢᠨ ᠥᠷᠭᠡᠨ ᠨᠢ 7 ᠮᠧᠳ᠋ᠷ ᠪᠠᠶᠢᠳᠠᠭ᠃ ᠵᠤᠤ ᠤᠳᠠ ᠠᠶᠢᠮᠠᠭ ᠤᠨ | ᠵᠠᠰᠠᠮᠠᠯ ᠵᠠᠮ ᠤᠨ ᠪᠠᠷᠢᠯᠭ᠎ᠠ ᠶᠢᠨ ᠠᠩᠭᠢ ᠲᠥᠯᠥᠪᠯᠡᠨ ᠪᠠᠷᠢᠯᠭ᠎ᠠ ᠳᠠᠭᠠᠭᠠᠴᠢᠯᠠᠵᠤ᠂ 1969 ᠣᠨ ᠤ 10 ᠰᠠᠷ᠎ᠠ ᠳᠤ ᠪᠠᠷᠢᠵᠤ ᠳᠠᠭᠤᠰᠬᠠᠬᠤ ᠶᠢᠨ ᠬᠠᠮᠲᠤ | ᠠᠰᠢᠭᠯᠠᠯᠲᠠ ᠳᠤ ᠣᠷᠣᠭᠤᠯᠵᠠᠢ᠃ |