ᠲᠡᠮᠡᠭᠡᠲᠦ ( 1887-1939 ) | | ᠲᠡᠮᠡᠭᠡᠲᠦ ᠂ ᠬᠢᠲᠠᠳ ᠨᠡᠷ᠎ᠡ ᠸᠠᠩ ᠷᠦᠢ ᠴᠠᠩ ᠂ ᠡᠷᠭᠦᠭᠰᠡᠨ | ᠨᠡᠷ᠎ᠡ ᠶᠢᠨ ᠾᠧᠦ ᠂ ᠡᠷᠡᠭᠲᠡᠶ ᠂ ᠮᠣᠩᠭᠣᠯ ᠦᠨᠳᠦᠰᠦᠲᠡᠨ ᠂ | ᠳᠤᠮᠳᠠᠳᠤ ᠤᠯᠤᠰ ᠤᠨ ᠣᠶᠢᠷ᠎ᠠ ᠦᠶ᠎ᠡ ᠶᠢᠨ ᠮᠣᠩᠭᠣᠯ | ᠦᠨᠳᠦᠰᠦᠲᠡᠨ ᠦ ᠮᠣᠩᠭᠣᠯ ᠬᠣᠷᠭᠣᠯᠵᠢᠨ ᠦᠰᠦᠭ ᠦᠨ ᠡᠭᠦᠳᠦᠨ | ᠪᠦᠲᠦᠭᠡᠭᠴᠢ ᠪᠠ ᠬᠡᠪᠯᠡᠭᠴᠢ ᠶᠤᠮ᠂ 1888 ᠣᠨ ᠤ1 ᠰᠠᠷ᠎ᠠ ᠳᠦ ( | ᠪᠢᠯᠢᠭ ᠦᠨ ᠤᠯᠠᠷᠢᠯ ᠤᠨ 12 ᠰᠠᠷ᠎ᠠ ᠶᠢᠨ 7 ᠤ ᠡᠳᠦᠷ )ᠬᠠᠷᠠᠴᠢᠨ | ᠪᠠᠷᠠᠭᠤᠨ ᠭᠠᠷᠤᠨ ᠬᠣᠰᠢᠭᠤᠨ ᠤ ᠸᠠᠩ ᠤᠨ ᠬᠦᠷᠢᠶ᠎ᠡ ᠶᠢᠨ ᠳᠠ | ᠰᠢ ᠭᠧᠤ ᠮᠧᠨ ᠦ ᠨᠢᠭᠡᠨ ᠡᠭᠡᠯ ᠠᠷᠠᠳ ᠤᠨ ᠬᠡᠷ ᠲᠦ ᠲᠥᠷᠥᠵᠡᠢ ᠃ | ᠬᠠᠷᠠᠬᠠᠨ ᠪᠠᠭ᠎ᠠ ᠠᠴᠠ ᠪᠠᠨ ᠬᠤᠷᠴᠠ ᠰᠡᠷᠭᠦᠯᠡᠩ ᠰᠤᠷᠬᠤ ᠳᠤ | ᠪᠠᠬᠠᠲᠠᠶ ᠪᠠᠶᠢᠵᠤ᠂ ᠭᠦᠩᠰᠠᠩᠨᠣᠷᠪᠤ ᠸᠠᠩ ᠤᠨ ᠡᠷᠬᠢᠯᠡᠭᠰᠡᠨ | ᠴᠥᠩ ᠵᠧᠩ ᠰᠤᠷᠭᠠᠭᠤᠯᠢ ᠳᠤ ᠰᠤᠷᠤᠯᠴᠠᠵᠤ ᠂ ᠭᠦᠩᠰᠠᠩᠨᠣᠷᠪᠤ | ᠸᠠᠩ ᠳᠦ ᠲᠠᠭᠠᠰᠢᠶᠠᠭᠳᠠᠭᠰᠠᠨ ᠪᠠᠶᠢᠵᠠᠶ ᠂ 1902 ᠣᠨ ᠳᠤ | ᠪᠡᠭᠡᠵᠢᠩ ᠦᠨ ᠵᠡᠭᠦᠨ ᠮᠤᠵᠢ ᠶᠢᠨ ᠲᠡᠮᠦᠷ ᠵᠠᠮ ᠤᠨ ᠤᠷᠤᠰ | ᠬᠡᠯᠡᠨ ᠦ ᠰᠤᠷᠭᠠᠭᠤᠯᠢ ᠳᠦ ᠲᠣᠮᠢᠯᠠᠵᠤ ᠤᠷᠤᠰ ᠬᠡᠯᠡ ᠲᠤᠰᠬᠠᠶ | ᠰᠤᠷᠤᠯᠴᠠᠵᠠᠶ ᠃ 1906 ᠣᠨ ᠤ ᠡᠪᠦᠯ ᠪᠠᠰᠠ ᠭᠦᠩᠰᠠᠩᠨᠣᠷᠪᠤ ᠸᠠᠩ | ᠶᠠᠫᠣᠨ ᠤ ᠳᠣᠣᠺᠢᠣ᠋ ᠶᠢᠨ ᠵᠧᠨ ᠡᠦ ᠰᠤᠷᠭᠠᠭᠤᠯᠢ ᠳᠤ ᠰᠣᠩᠭᠣᠨ | ᠲᠣᠮᠢᠯᠠᠵᠤ ᠴᠡᠷᠢᠭ ᠦᠨ ᠶᠠᠪᠤᠳᠠᠯ ᠰᠣᠷᠣᠯᠴᠠᠭᠣᠯᠵᠠᠢ ᠂ | ᠰᠡᠭᠦᠯᠡᠷ ᠨᠢ ᠡᠮᠴᠢ ᠰᠤᠷᠴᠤ ᠵᠢᠷᠭᠤᠭᠠᠨ ᠵᠢᠯ ᠦᠨ ᠲᠠᠷᠠᠭ᠎ᠠ | ᠤᠯᠤᠰ ᠲᠠᠭᠠᠨ ᠪᠤᠴᠠᠨ ᠢᠷᠡᠪᠡ ᠃ 1912 ᠣᠨ ᠠᠴᠠ1913 ᠣᠨ ᠬᠦᠷᠲᠡᠯ᠎ᠡ | ᠸᠠᠩ ᠤᠨ ᠬᠦᠷᠢᠶ᠎ᠡ᠂ ᠤᠯᠠᠭᠠᠨᠬᠠᠳᠠ ᠣᠷᠴᠢᠮ ᠵᠢᠯ ᠭᠠᠷᠤᠶ | ᠡᠮᠴᠢᠯᠡᠵᠦ ᠂ 1914 ᠣᠨ ᠳᠤ ᠭᠦᠩᠰᠠᠩᠨᠣᠷᠪᠤ ᠸᠠᠩ ᠪᠡᠭᠡᠵᠢᠩ ᠳᠦ | ᠣᠷᠣᠵᠤ ᠮᠣᠩᠭᠣᠯ ᠲᠥᠪᠡᠳ ᠦᠨ ᠬᠡᠷᠡᠭ ᠡᠷᠬᠢᠯᠡᠬᠦ ᠲᠣᠪᠴᠢᠶ᠎ᠠ ( | ᠰᠡᠭᠦᠯᠡᠷ ᠨᠢ ᠮᠣᠩᠭᠣᠯ ᠲᠥᠪᠡᠳ ᠦᠨ ᠬᠦᠷᠢᠶᠡᠯᠡᠩᠭᠡᠵᠦ ᠬᠠᠯᠠᠪᠠ) | ᠶᠢᠨ ᠶᠡᠷᠦᠩᠬᠡᠶ ᠵᠠᠬᠢᠷᠤᠭᠴᠢ ᠶᠢᠨ ᠲᠤᠰᠢᠶᠠᠯ ᠳᠤ | ᠭᠠᠷᠤᠭᠰᠠᠨ ᠤ ᠬᠣᠶᠢᠨᠠ ᠤᠨᠴᠤᠭᠤᠶᠢᠯᠠᠨ ᠲᠡᠮᠡᠭᠡᠲᠦ ᠶᠢ | ᠤᠷᠢᠵᠤ ᠲᠣᠪᠴᠢᠶ᠎ᠠ ᠶᠢᠨ ᠲᠡᠷᠢᠭᠦᠨ ᠣᠷᠴᠢᠭᠤᠯᠤᠭᠴᠢ | ᠲᠦᠰᠢᠮᠡᠯ᠂ ᠶᠡᠷᠦᠩᠬᠡᠶ ᠶᠠᠪᠤᠳᠠᠯ ᠤᠨ ᠰᠠᠯᠠᠭᠠᠨ ᠤ ᠳᠠᠷᠤᠭ᠎ᠠ | ᠂ ᠶᠣᠰᠣᠯᠠᠯ ᠤᠨ ᠵᠤᠷᠭᠠᠨ ᠤ ᠭᠡᠰᠢᠭᠦᠨ ᠪᠥᠭᠡᠳ ᠮᠣᠩᠭᠣᠯ ᠲᠥᠪᠡᠳ | ᠰᠤᠷᠭᠠᠭᠤᠯᠢ ᠶᠢᠨ ᠫᠷᠤᠹᠧᠰᠰᠤᠷ ᠢᠶᠡᠷ ᠵᠠᠯᠠᠵᠠᠢ ᠃ | ᠲᠡᠮᠡᠭᠡᠲᠦ ᠮᠣᠩᠭᠣᠯ ᠂ ᠬᠢᠲᠠᠳ ᠦᠨᠳᠦᠰᠦᠲᠡᠨ᠂ ᠮᠠᠨᠵᠤ ᠂ | ᠲᠥᠪᠡᠳ ᠂ ᠶᠠᠫᠤᠨ ᠂ ᠤᠷᠤᠰ ᠵᠡᠷᠭᠡ ᠤᠯᠠᠨ ᠵᠦᠢᠯ ᠦᠨ ᠦᠭᠡ ᠬᠡᠯᠡ | ᠤᠢᠰᠦᠭ ᠪᠢᠴᠢᠭ ᠲᠤ ᠴᠠᠭᠠᠷᠠᠭᠰᠠᠨ ᠪᠠᠶᠢᠵᠠᠢ ᠃ ᠭᠡᠪᠡᠴᠦ ᠲᠡᠷᠡ | ᠥᠨᠳᠥᠷ ᠵᠡᠷᠭᠡ ᠦᠯᠡᠮᠵᠢ ᠹᠦᠩᠯᠦ ᠳᠤ ᠳᠤᠷᠠᠯᠠᠭᠰᠠᠨ ᠦᠭᠡᠢ ᠨᠢᠭᠡ | ᠰᠡᠳᠬᠢᠯ ᠢᠶᠡᠷ ᠮᠣᠩᠭᠣᠯ ᠤᠨ ᠦᠨᠳᠦᠰᠦᠲᠡᠨ ᠦ ᠦᠭᠡ ᠬᠡᠯᠡ ᠂ | ᠤᠳᠬ᠎ᠠ ᠵᠣᠬᠢᠶᠠᠯ ᠂ ᠲᠡᠦᠬᠡ ᠭᠠᠷᠪᠠᠯᠢ ᠶᠢ ᠰᠤᠳᠤᠯᠵᠤ ᠂ | ᠮᠣᠩᠭᠣᠯ ᠂ ᠬᠢᠲᠠᠳ ᠦᠨᠳᠦᠰᠦᠲᠡᠨ᠂ ᠮᠠᠨᠵᠤ ᠂ ᠲᠥᠪᠡᠳ ᠦᠰᠦᠭ ᠤᠨ | ᠨᠣᠮ ᠰᠤᠳᠤᠷ ᠢ ᠣᠷᠴᠢᠭᠤᠯᠬᠤ ᠪᠠ ᠡᠮᠬᠢᠳᠬᠡᠵᠡᠢ᠃ ᠲᠡᠷᠡ ᠡᠷᠳᠡᠮ | ᠰᠢᠨᠵᠢᠯᠡᠭᠡᠨ ᠦ ᠰᠤᠳᠤᠯᠤᠯ ᠬᠢᠬᠦ ᠪᠠ ᠵᠣᠬᠢᠶᠠᠯ ᠪᠢᠴᠢᠵᠦ ᠤᠨᠤᠯ | ᠪᠣᠰᠬᠠᠬᠤ ᠳᠤᠮᠳᠠ ᠮᠣᠩᠭᠣᠯ ᠲᠥᠪᠡᠳ ᠬᠡᠯᠡᠨ ᠦ ᠨᠣᠮ ᠪᠢᠴᠢᠭ | ᠬᠡᠪᠯᠡᠭᠳᠡᠬᠦ ᠳᠦ ᠬᠦᠴᠢᠷᠲᠡᠶ ᠪᠠᠶᠢᠬᠤ ᠶᠢ ᠭᠦᠨᠵᠡᠭᠡᠶ | ᠣᠶᠢᠯᠠᠭᠠᠵᠤ ᠮᠡᠳᠡᠵᠡᠢ᠃ ᠲᠤᠬᠠᠶ ᠶᠢᠨ ᠦᠶ᠎ᠡ ᠳᠦ ᠮᠣᠩᠭᠣᠯ | ᠬᠡᠪᠯᠡᠯ ᠳᠦ ᠵᠥᠪᠬᠡᠨ ᠪᠠᠭ᠎ᠠ ᠬᠡᠮᠵᠢᠶᠡᠨ ᠦ ᠮᠣᠳᠣᠨ ᠪᠠᠷ ᠦᠨ | ᠬᠡᠪᠯᠡᠯ ᠪᠠ ᠴᠢᠯᠠᠭᠤᠨ ᠪᠠᠷ ᠤᠨ ᠬᠡᠪᠯᠡᠯ ᠲᠠᠢ ᠪᠠᠶᠢᠵᠠᠢ᠂ | ᠤᠯᠤᠰ ᠤᠨ ᠳᠣᠲᠣᠭᠠᠳᠤ ᠶᠢᠨ ᠮᠠᠰᠢ ᠤᠯᠠᠨ ᠵᠣᠷᠢᠭᠲᠤ ᠦᠢᠯᠡᠰᠴᠢᠨ | ᠵᠢᠱᠢᠶᠡᠯᠡᠪᠡᠯ ᠂ ᠴᠢᠩ ᠤᠯᠤᠰ ᠤᠨ ᠬᠡᠪᠲᠦ ᠶᠣᠰᠣᠲᠤ ᠶᠢᠨ | ᠦᠶ᠎ᠡ ᠶᠢᠨ ᠮᠣᠩᠭᠣᠯ ᠬᠥᠮᠦᠨ ᠵᠠᠯᠠᠹᠡᠩᠭᠠ᠂ ᠢᠷᠭᠡᠨ ᠤᠯᠤᠰ ᠤᠨ | ᠡᠬᠢᠨ ᠦ ᠦᠶ᠎ᠡ ᠶᠢᠨ ᠬᠢᠲᠠᠳ ᠬᠥᠮᠦᠨ ᠬᠤᠸᠠᠩ ᠰᠢᠥᠢ ᠳ᠋ᠦᠩ | ᠵᠡᠷᠭᠡ ᠴᠥᠮ ᠮᠣᠩᠭᠣᠯ ᠬᠣᠷᠭᠣᠯᠵᠢᠨ ᠦᠰᠦᠭ ᠢ ᠣᠯᠠᠨ ᠤᠳᠠᠭ᠎ᠠ | ᠦᠢᠯᠡᠳᠦᠭᠰᠡᠨ ᠪᠣᠯᠪᠠᠴᠤ ᠡᠴᠦᠰ ᠳᠡᠬᠡᠨ ᠨᠥᠬᠥᠴᠡᠯ ᠦᠨ | ᠬᠢᠵᠠᠭᠠᠷᠯᠠᠯ ᠠᠴᠠ ᠪᠤᠯᠵᠤ ᠴᠥᠮ ᠪᠦᠲᠦᠭᠰᠡᠨ ᠦᠭᠡᠶ ᠪᠠᠶᠢᠪᠠ ᠃ | 1913 ᠣᠨ ᠳᠤ ᠣᠷᠣᠰ ᠬᠥᠮᠦᠨ ᠬᠠᠷᠪᠢᠨ ᠳᠤ ᠮᠣᠩᠭᠣᠯ ᠬᠣᠷᠭᠣᠯᠵᠢᠨ | ᠦᠰᠦᠭ ᠦᠨ ᠰᠡᠳᠬᠦᠯ ᠬᠡᠪᠯᠡᠭᠦᠯᠵᠦ᠂ 1915 ᠣᠨ ᠳᠤ ᠶᠠᠫᠣᠨᠴᠤᠳ | ᠵᠡᠭᠦᠨ ᠬᠣᠶᠢᠲᠤ ᠣᠷᠣᠨ ᠳᠤ ᠮᠣᠩᠭᠣᠯ ᠬᠣᠷᠭᠣᠯᠵᠢᠨ ᠪᠡᠷ ᠢᠶᠠᠷ | ᠡᠳᠦᠷ ᠦᠨ ᠰᠣᠨᠢᠨ ᠬᠡᠪᠯᠡᠭᠦᠯᠵᠦ ᠥᠩᠭᠡᠷᠡᠭᠰᠡᠨ ᠪᠣᠯᠪᠠᠴᠤ | ᠳᠤᠮᠳᠠᠳᠤ ᠤᠯᠤᠰ ᠲᠤ ᠮᠡᠷᠭᠡᠵᠢᠯ ᠦᠨ ᠨᠢᠭᠤᠴᠠ ᠶᠢ | ᠬᠠᠮᠠᠭᠠᠯᠠᠬᠤ ᠪᠠᠷ ᠪᠠᠷᠠᠬᠤ ᠦᠭᠡᠢ ᠲᠤᠭᠤᠯᠭᠠᠨ ᠦᠰᠦᠭ ᠦᠨ | ᠮᠠᠲ᠋ᠧᠷᠢᠶᠠᠯ ᠨᠢ ᠪᠦᠳᠦᠭᠦᠯᠢᠭ ᠂ ᠠᠪᠢᠶ᠎ᠠ ᠵᠣᠯᠭᠠᠭᠤᠯᠤᠭᠰᠠᠨ | ᠨᠢ ᠵᠦᠢ ᠵᠤᠬᠢᠰ ᠦᠭᠡᠢ ᠪᠣᠯᠬᠣᠷ ᠨᠢᠳᠦᠯᠡᠨ ᠤᠩᠰᠢᠬᠤ ᠳᠦ | ᠪᠡᠷᠬᠡᠲᠡᠶ ᠪᠠᠶᠢᠵᠠᠢ᠃ ᠲᠡᠮᠡᠭᠡᠲᠦ ᠦᠨᠳᠦᠰᠦᠲᠡᠨ ᠦ | ᠰᠡᠳᠬᠢᠯᠭᠡ ᠲᠣᠩ ᠶᠡᠬᠡ ᠪᠠᠶᠢᠵᠤ᠂ ᠮᠣᠩᠭᠣᠯ ᠬᠣᠷᠭᠣᠯᠵᠢᠨ | ᠦᠰᠦᠭ ᠢ ᠰᠤᠳᠤᠯᠤᠨ ᠪᠦᠲᠦᠭᠡᠬᠦ ᠪᠡᠷ ᠵᠣᠷᠢᠭ ᠰᠢᠭᠤᠳᠴᠠᠢ ᠃ | 1915 ᠣᠨ ᠳᠤ ᠲᠡᠮᠡᠭᠡᠲᠦ ᠳᠣᠲᠣᠭᠠᠳᠤ ᠭᠠᠳᠠᠭᠠᠳᠤ ᠶᠢᠨ | ᠬᠣᠷᠭᠣᠯᠵᠢᠨ ᠪᠡᠷ ᠭᠡᠪᠯᠡᠬᠦ ᠤᠷ᠎ᠠ ᠮᠡᠷᠭᠡᠰᠢᠯ ᠂ ᠦᠰᠦᠭ ᠦᠨ | ᠬᠡᠯᠪᠡᠷᠢ ᠶᠢᠨ ᠲᠤᠬᠠᠶ ᠨᠠᠷᠢᠨ ᠰᠤᠳᠤᠯᠭ᠎ᠠ ᠬᠢᠭᠰᠡᠨ ᠦ ᠪᠡᠨ | ᠳᠠᠷᠠᠭ᠎ᠠ᠂ ᠶᠠᠭᠤᠨ ᠤ ᠡᠮᠦᠨ᠎ᠡ ᠮᠣᠩᠭᠣᠯ᠂ ᠮᠠᠨᠵᠤ ᠪᠢᠴᠢᠭ ᠤᠨ | ᠴᠠᠭᠠᠨ ᠲᠣᠯᠣᠭᠠᠢ ᠶᠢᠨ ᠳᠡᠭᠡᠷ᠎ᠡ ᠳᠤᠮᠳᠠ ᠳᠣᠣᠷ᠎ᠠ ᠭᠤᠷᠪᠠᠨ | ᠬᠡᠯᠪᠡᠷᠢ ᠶᠢᠨ ᠠᠪᠢᠶ᠎ᠠ ᠦᠰᠦᠭ ᠨᠡᠶᠢᠲᠡ ᠳᠦᠷᠪᠡᠨ ᠵᠠᠭᠤ | ᠢᠯᠡᠭᠦᠦ ᠦᠰᠦᠭ ᠢ ᠬᠢᠴᠢᠶᠡᠩᠭᠦᠶ ᠲᠢᠭ ᠢᠶᠡᠷ ᠳᠡᠷᠢ ᠲᠡᠭᠰᠢ | ᠪᠢᠴᠢᠵᠦ ᠂ ᠳᠠᠷᠠᠭ᠎ᠠ ᠨᠢ ᠲᠦᠷᠦᠯ ᠬᠤᠪᠢᠶᠠᠨ ᠵᠢᠭᠰᠠᠭᠠᠵᠤ᠂ | ᠲᠡᠭᠦᠨ ᠦ ᠳᠣᠲᠣᠷ᠎ᠠ ᠠᠴᠠ ᠦᠵᠡᠮᠵᠢᠲᠡᠶ ᠰᠠᠶᠢᠬᠠᠨ | ᠬᠡᠯᠪᠡᠷᠢᠲᠡᠢ ᠦᠰᠦᠭ ᠢ ᠰᠣᠩᠭᠣᠵᠤ ᠨᠠᠷᠢᠯᠢᠭ ᠰᠡᠶᠢᠯᠵᠦ ᠳᠠᠬᠢᠨ | ᠳᠠᠪᠲᠠᠨ ᠰᠡᠳᠬᠢᠨ᠂ ᠠᠩᠬ᠎ᠠ ᠤᠳᠠᠭ᠎ᠠ ᠦᠬᠡᠷ ᠦᠨ ᠡᠪᠡᠷ ᠢᠶᠡᠷ 85 | ᠦᠰᠦᠭ ᠦᠨ ᠬᠡᠯᠪᠡᠷᠢ ᠶᠢ ᠰᠡᠶᠢᠯᠵᠡᠢ᠃ ᠭᠡᠪᠡᠴᠦ ᠳᠠᠷᠤᠮᠠᠯᠯᠠᠯ | ᠬᠢᠬᠦ ᠦᠶᠡᠰ᠂ ᠳᠡᠭᠡᠷ᠎ᠡ ᠳᠣᠣᠷ᠎ᠠ ᠭᠦᠨ ᠭᠦᠶᠦᠭᠡᠨ ᠨᠢ ᠠᠳᠠᠯᠢ | ᠪᠤᠰᠤ ᠂ ᠥᠷᠭᠡᠨ ᠨᠠᠷᠢᠨ ᠨᠢ ᠵᠢᠭᠳᠡ ᠪᠤᠰᠤ ᠪᠠᠶᠢᠵᠤ᠂ | ᠬᠡᠷᠡᠭᠯᠡᠵᠦ ᠳᠡᠶᠢᠯᠦᠭᠰᠡᠨ ᠦᠭᠡᠢ ᠪᠠᠶᠢᠵᠠᠶ᠃ ᠬᠣᠶᠠᠳᠤᠭᠠᠷ | ᠤᠳᠠᠭ᠎ᠠ ᠳᠤ ᠶᠠᠫᠣᠨ ᠤ ᠰᠢᠷ᠎ᠠ ᠤᠯᠢᠶᠠᠰᠤᠨ ᠮᠣᠳᠣ ᠪᠠᠷ | ᠮᠠᠲ᠋ᠧᠷᠢᠶᠠᠯ ᠪᠣᠯᠭᠠᠵᠤ ᠂ ᠬᠡᠳᠦᠨ ᠵᠠᠭᠤᠨ ᠮᠣᠩᠭᠣᠯ ᠴᠠᠭᠠᠨ | ᠲᠣᠯᠣᠭᠠᠢ ᠰᠡᠶᠢᠯᠦᠭᠰᠡᠨ ᠪᠠᠶᠢᠨ᠎ᠠ᠂ ᠦᠰᠦᠭ ᠦᠨ ᠬᠡᠯᠪᠡᠷᠢ ᠨᠢ | ᠪᠠᠭ᠎ᠠ ᠰᠠᠭ᠎ᠠ ᠰᠠᠶᠢᠵᠢᠷᠠᠭᠰᠠᠨ ᠪᠣᠯᠪᠠᠴᠤ ᠳᠤᠮᠳᠠᠳᠤ | ᠤᠯᠤᠰ ᠤᠨ ᠪᠡᠭᠡᠵᠢᠩ ᠲᠢᠶᠠᠨᠵᠢᠨ ᠣᠷᠣᠨ ᠤ ᠲᠡᠭᠦᠮᠡᠯ ᠦᠰᠦᠭ ᠦᠨ | ᠪᠠᠷ ᠨᠢ ᠮᠣᠳᠣᠨ ᠰᠡᠶᠢᠯᠦᠮᠡᠯ ᠦᠨ ᠦᠰᠦᠭ ᠢ ᠬᠡᠷᠡᠭᠯᠡᠵᠦ | ᠳᠡᠶᠢᠯᠬᠦ ᠦᠭᠡᠢ ᠪᠠᠶᠢᠵᠠᠢ᠂ ᠬᠡᠷᠪᠡ ᠮᠣᠳᠣᠨ ᠰᠡᠶᠢᠯᠦᠮᠡᠯ ᠦᠨ | ᠬᠡᠪ ᠢ ᠵᠠᠷᠤᠪᠠᠯ ᠡᠷᠬᠡᠪᠰᠢ ᠶᠠᠫᠣᠨ ᠳᠤ ᠤᠴᠢᠬᠤ ᠴᠢᠬᠤᠯᠠᠲᠠᠢ | ᠪᠠᠶᠢᠵᠠᠢ᠂ ᠲᠤᠬᠠᠶ ᠶᠢᠨ ᠦᠶ᠎ᠡ ᠲᠡᠮᠡᠭᠡᠲᠦ ᠳᠦ ᠰᠣᠬᠣᠷ | ᠵᠣᠭᠣᠰ ᠴᠦ ᠦᠭᠡᠢ ᠪᠣᠯᠣᠭᠰᠠᠨ ᠲᠤᠯᠠ ᠂ ᠮᠣᠩᠭᠣᠯ ᠬᠣᠷᠭᠣᠯᠵᠢᠨ | ᠦᠰᠦᠭ ᠦᠨ ᠡᠭᠦᠳᠦᠨ ᠦᠢᠯᠡᠳᠬᠦ ᠠᠵᠢᠯ ᠲᠦᠷ ᠵᠣᠭᠰᠣᠪᠠ ᠃ 1919 | ᠣᠨ ᠳᠤ ᠭᠦᠩᠰᠠᠩᠨᠣᠷᠪᠤ ᠸᠠᠩ ᠤᠨ ᠳᠡᠮᠵᠢᠯᠭᠡ ᠳᠣᠣᠷ᠎ᠠ ᠂ ᠲᠡᠷᠡ | ᠣᠯᠠᠨ ᠤᠳᠠᠭ᠎ᠠ ᠲᠢᠶᠠᠨᠵᠢᠨ ᠳᠤ ᠣᠴᠢᠵᠤ ᠨᠢᠭᠡ ᠶᠠᠫᠤᠨ | ᠬᠥᠮᠦᠨ ᠠᠴᠠ ᠰᠡᠶᠢᠯᠦᠮᠡᠯ ᠤᠨ ᠮᠡᠷᠭᠡᠵᠢᠯ ᠰᠤᠷᠤᠯᠴᠠᠵᠤ᠂ | ᠪᠣᠳᠠᠲᠤ ᠪᠠᠶᠢᠳᠠᠯ ᠲᠠᠶ ᠪᠠᠨ ᠤᠶᠠᠯᠳᠤᠭᠤᠯᠵᠤ᠂ ᠠᠩᠬᠠᠨ ᠤ | ᠮᠣᠩᠭᠣᠯ ᠬᠣᠷᠭᠣᠯᠵᠢᠨ ᠦᠰᠦᠭ ᠦᠨ ᠵᠡᠰ ᠬᠡᠪ ᠵᠣᠬᠢᠶᠠᠵᠤ ᠂ | ᠬᠣᠷᠭᠣᠯᠵᠢᠨ ᠦᠰᠦᠭ ᠢ ᠴᠢᠳᠬᠤᠵᠤ ᠭᠠᠷᠭᠠᠭᠰᠠᠨ ᠪᠠᠶᠢᠨ᠎ᠠ᠃ | ᠲᠠᠬᠢᠨ ᠳᠠᠪᠲᠠᠨ ᠲᠤᠷᠰᠢᠵᠤ ᠤᠯᠠᠨ ᠤᠳᠠᠭ᠎ᠠ | ᠰᠠᠶᠢᠵᠢᠷᠠᠭᠤᠯᠬᠤ ᠪᠠᠷ ᠳᠠᠮᠵᠢᠵᠤ᠂ 1922 ᠣᠨ ᠤ ᠡᠪᠦᠯ ᠮᠠᠨ ᠤ | ᠤᠯᠤᠰ ᠤᠨ ᠠᠩᠬᠠᠳᠠᠭᠴᠢ ᠮᠣᠩᠭᠣᠯ ᠬᠣᠷᠭᠣᠯᠵᠢᠨ ᠦᠰᠦᠭ ᠦᠨ | ᠬᠡᠪᠯᠡᠯ ᠦᠨ ᠮᠡᠷᠭᠡᠵᠢᠯ ᠡᠴᠦᠰ ᠲᠡᠬᠡᠨ ᠠᠮᠵᠢᠯᠲᠠ ᠣᠯᠤᠭᠰᠠᠨ | ᠪᠠᠶᠢᠨ᠎ᠠ ᠃ 1923 ᠣᠨ ᠳᠤ ᠢᠷᠭᠡᠨ ᠤᠯᠤᠰ ᠤᠨ ᠵᠠᠰᠠᠭ ᠤᠨ | ᠭᠠᠵᠠᠷ ᠤᠨ ᠲᠠᠷᠢᠶᠠᠯᠠᠩ ᠬᠤᠳᠠᠯᠳᠤᠭᠠᠨ ᠤ ᠶᠠᠮᠤᠨ ᠠᠴᠠ | ᠲᠡᠭᠦᠨ ᠢ ᠰᠠᠶᠢᠰᠢᠶᠠᠨ ᠬᠥᠬᠢᠭᠦᠯᠵᠦ ᠂ ᠭᠠᠶᠢᠯᠢ ᠬᠤᠷᠢᠶᠠᠵᠤ | ᠦᠭᠡᠢ ᠭᠡᠵᠦ ᠲᠣᠭᠲᠠᠵᠤ᠂ ᠪᠠᠰᠠ30 ᠵᠢᠯ ᠦᠨ ᠲᠤᠰᠬᠠᠶ ᠠᠰᠢᠭ ᠤᠨ | ᠦᠨᠡᠮᠯᠡᠯ ᠣᠯᠭᠤᠵᠠᠢ᠃ ᠡᠭᠦᠨ ᠦ ᠬᠠᠮᠲᠤ ᠲᠡᠮᠡᠭᠡᠲᠦ ᠮᠠᠨᠵᠤ | ᠦᠰᠦᠭ ᠲᠤᠭᠤᠯᠭᠠᠨ ᠪᠠᠷ ᠢ ᠴᠤ ᠦᠢᠯᠡᠳᠦᠨ ᠭᠠᠷᠭᠠᠵᠠᠢ᠃ | 1923 ᠣᠨ ᠤ ᠬᠠᠪᠤᠷ᠂ ᠲᠡᠮᠡᠭᠡᠲᠦ ᠪᠡᠭᠡᠵᠢᠩ ᠳᠦ ᠮᠠᠨ ᠤ | ᠤᠯᠤᠰ ᠤᠨ ᠲᠡᠦᠬᠡᠨ ᠳᠡᠭᠡᠷᠡᠬᠢ ᠠᠩᠬᠠᠳᠠᠭᠴᠢ ᠮᠣᠩᠭᠣᠯ | ᠬᠡᠯᠡᠨ ᠦ ᠬᠡᠪᠯᠡᠯ ᠦᠨ ᠬᠣᠷᠢᠶ᠎ᠠ( ᠮᠣᠩᠭᠣᠯ ᠪᠢᠴᠢᠭ ᠬᠣᠷᠢᠶ᠎ᠠ) | ᠶᠢ ᠡᠭᠦᠳᠦᠨ ᠪᠠᠶᠢᠭᠤᠯᠵᠤ ᠂ ᠥᠪᠡᠷ ᠢᠶᠡᠨ ᠶᠡᠷᠦᠩᠬᠡᠶ | ᠵᠠᠬᠢᠷᠤᠯ ᠤᠨ ᠲᠤᠰᠢᠶᠠᠯ ᠢ ᠬᠠᠷᠢᠭᠤᠴᠠᠪᠠ ᠃ ᠲᠡᠷᠡ ᠪᠠᠰᠠ | ᠪᠡᠭᠡᠵᠢᠩ ᠳᠦ ᠮᠣᠩᠭᠣᠯ ᠰᠤᠳᠤᠯᠤᠯ ᠤᠨ ᠡᠲᠡᠭᠡᠳ ᠦᠨ ᠬᠥᠮᠦᠰ | ᠢᠳᠡᠴᠢᠨ᠂ ᠵᠢᠨ ᠶᠦᠩ ᠴᠠᠩ᠂ ᠡᠩᠬᠡᠪᠦ᠋ᠷᠢᠨ ᠵᠡᠷᠭᠡ ᠬᠥᠮᠦᠰ ᠲᠠᠢ | ᠬᠠᠮᠲᠤ ᠮᠣᠩᠭᠣᠯ ᠪᠢᠴᠢᠭ ᠬᠡᠪᠯᠡᠬᠦ ᠦᠢᠯᠡᠳᠪᠦᠷᠢ ᠡᠭᠦᠰᠭᠡᠨ | ᠪᠠᠶᠢᠭᠤᠯᠵᠠᠢ᠃ 1925 ᠣᠨ ᠳᠤ ᠲᠥᠪᠡᠳ ᠬᠡᠯᠡᠨ ᠦ ᠲᠤᠭᠤᠯᠭᠠᠨ | ᠦᠰᠦᠭ ᠢ ᠡᠭᠦᠳᠦᠨ ᠦᠢᠯᠡᠳᠴᠦ᠂ ᠬᠡᠪᠯᠡᠯ ᠦᠨ | ᠬᠤᠷᠢᠶ᠎ᠠ ᠳᠠᠭᠠᠨ ᠬᠣᠷᠭᠣᠯᠵᠢᠨ ᠪᠡᠷ ᠢᠶᠠᠷ ᠲᠥᠪᠡᠳ ᠰᠤᠳᠤᠷ | ᠪᠢᠴᠢᠭ ᠬᠡᠪᠯᠡᠵᠦ ᠡᠬᠢᠯᠡᠵᠡᠢ᠃ ᠲᠡᠭᠦᠨ ᠦ ᠪᠣᠯᠪᠠᠰᠤᠷᠠᠭᠤᠯᠤᠯ | ᠪᠣᠯᠤᠨ ᠵᠢᠯᠤᠭᠤᠳᠤᠯᠭ᠎ᠠ ᠳᠣᠣᠷ᠎ᠠ ᠂ ᠮᠦᠭᠳᠡᠨ ᠳᠦ ᠵᠡᠭᠦᠨ | ᠮᠣᠩᠭᠣᠯ ᠤᠨ ᠪᠢᠴᠢᠭ ᠦᠨ ᠲᠣᠪᠴᠢᠶ᠎ᠠ᠂ ᠱᠠᠩᠬᠠᠶ ᠶᠢᠨ ᠱᠠᠩ ᠡᠦ | ᠨᠣᠮ ᠬᠡᠪᠯᠡᠯ ᠦᠨ ᠭᠠᠵᠠᠷ ᠂ ᠱᠠᠩᠳᠤ ᠮᠣᠩᠭᠣᠯ ᠪᠢᠴᠢᠭ ᠬᠡᠪᠯᠡᠬᠦ | ᠦᠢᠯᠡᠳᠪᠦᠷᠢ ᠤᠷᠢᠳ ᠬᠣᠵᠢᠳ ᠮᠣᠩᠭᠣᠯ ᠨᠣᠮ ᠰᠡᠳᠬᠦᠯ ᠬᠡᠪᠯᠡᠵᠦ | ᠡᠬᠢᠯᠡᠵᠡᠢ᠃ 1922 ᠣᠨ ᠡᠴᠡ1929 ᠣᠨ ᠤ ᠰᠡᠭᠦᠯᠴᠢ ᠬᠦᠷᠲᠡᠯ᠎ᠡ | ᠲᠡᠮᠡᠭᠡᠲᠦ ᠶᠢᠨ ᠬᠠᠷᠢᠭᠤᠴᠠᠨ ᠨᠠᠶᠢᠷᠠᠭᠤᠯᠵᠤ ᠣᠷᠴᠢᠭᠤᠯᠵᠤ | ᠬᠡᠪᠯᠡᠭᠦᠯᠦᠭᠰᠡᠨ ᠮᠣᠩᠭᠣᠯ ᠮᠠᠨᠵᠤ ᠬᠢᠲᠠᠳ ᠬᠡᠯᠡᠨ ᠦ | ᠲᠡᠦᠬᠡ ᠶᠢᠨ ᠪᠠ ᠤᠳᠤ ᠦᠶ᠎ᠡ ᠶᠢᠨ ᠨᠣᠮ ᠪᠢᠴᠢᠭ ᠠᠷᠪᠠᠨ | ᠲᠦᠮᠡ ᠡᠴᠡ ᠳᠡᠭᠡᠭᠰᠢ ᠪᠠᠶᠢᠵᠠᠢ᠃ ᠡᠲᠡᠭᠡᠷ ᠨᠣᠮ ᠨᠢ ᠤᠯᠤᠰ ᠤᠨ | ᠳᠣᠲᠣᠭᠠᠳᠤ ᠪᠠ ᠶᠠᠫᠣᠨ ᠤᠷᠤᠰ ᠹᠷᠠᠨᠼᠢ ᠵᠡᠷᠭᠡ ᠤᠯᠤᠰ ᠲᠤ | ᠥᠷᠭᠡᠨ ᠢᠶᠡᠷ ᠲᠠᠷᠬᠠᠵᠤ ᠂ 《 ᠮᠣᠩᠭᠣᠯ ᠶᠠᠫᠣᠨ ᠬᠡᠯᠡ | ᠶᠠᠷᠢᠯᠴᠠᠭ᠎ᠠ 》 ᠂《 ᠮᠣᠩᠭᠣᠯ ᠬᠡᠯᠡ ᠰᠤᠷᠬᠤ ᠪᠢᠴᠢᠭ 》( ᠨᠠᠶᠮᠠᠨ | ᠳᠡᠪᠲᠡᠷ ) ᠨᠢ ᠶᠠᠫᠤᠨ ᠬᠦᠮᠦᠨ ᠦ ᠮᠣᠩᠭᠣᠯ ᠬᠡᠯᠡ ᠪᠢᠴᠢᠭ ᠠᠩᠬ᠎ᠠ | ᠰᠤᠷᠬᠤ ᠵᠢᠭᠠᠬᠤ ᠮᠠᠲ᠋ᠧᠷᠢᠶᠠᠯ ᠪᠣᠯᠵᠠᠢ᠃ | 1930 ᠣᠨ ᠤ ᠨᠠᠮᠤᠷ᠂ ᠢᠷᠭᠡᠨ ᠦ ᠵᠠᠰᠠᠭ ᠤᠨ ᠭᠠᠵᠠᠷ ᠮᠣᠩᠭᠣᠯ | ᠪᠢᠴᠢᠭ ᠤᠨ ᠬᠣᠷᠢᠶ᠎ᠠ ᠶᠢ ᠨᠠᠨᠵᠢᠩ ᠳᠤ ᠨᠡᠭᠦᠯᠭᠡᠵᠦ᠂ | ᠮᠣᠩᠭᠣᠯ ᠲᠥᠪᠡᠳ ᠬᠡᠯᠡᠨ ᠦ ᠨᠣᠮ ᠪᠢᠴᠢᠭ ᠰᠣᠨᠢᠨ ᠰᠡᠳᠬᠦᠯ | ᠠᠯᠪᠠᠨ ᠪᠢᠴᠢᠭ ᠬᠡᠪᠯᠡᠭᠦᠯᠵᠡᠢ᠃ 1930 ᠣᠨ ᠠᠴᠠ ᠬᠣᠶᠢᠰᠢ | ᠲᠡᠮᠡᠭᠡᠲᠦ ᠨᠠᠨᠵᠢᠩ ᠤᠨ ᠭᠣᠮᠢᠨᠳᠠᠩ ᠤᠨ ᠵᠠᠰᠠᠭ ᠤᠨ | ᠣᠷᠳᠣᠨ ᠤ ᠰᠤᠷᠭᠠᠨ ᠬᠥᠮᠦᠵᠢᠯ ᠦᠨ ᠶᠠᠮᠤᠨ ᠤ ᠮᠣᠩᠭᠣᠯ | ᠲᠥᠪᠡᠳ ᠦᠨ ᠰᠤᠷᠭᠠᠨ ᠬᠥᠮᠦᠵᠢᠯ ᠦᠨ ᠵᠤᠷᠭᠠᠨ ᠤ | ᠪᠠᠶᠢᠩᠭᠤ ᠶᠢᠨ ᠬᠢᠨᠠᠨ ᠨᠠᠶᠢᠷᠠᠭᠤᠯᠤᠭᠴᠢ ᠪᠥᠭᠡᠳ ᠰᠠᠯᠠᠭᠠᠨ | ᠳᠠᠷᠤᠭ᠎ᠠ ᠶᠢᠨ ᠲᠤᠰᠢᠶᠠᠯ ᠬᠠᠷᠢᠭᠤᠴᠠᠵᠤ᠂ ᠮᠠᠨ ᠤ ᠤᠯᠤᠰ ᠤᠨ | ᠠᠩᠬᠠᠳᠠᠭᠴᠢ 《 ᠰᠤᠷᠭᠠᠨ ᠬᠥᠮᠦᠵᠢᠯ ᠦᠨ ᠣᠨ ᠤ ᠣᠶᠢᠯᠠᠯᠭ᠎ᠠ | 》 ᠶᠢᠨ ᠬᠢᠨᠠᠨ ᠨᠠᠶᠢᠷᠠᠭᠤᠯᠬᠤ ᠭᠡᠰᠢᠭᠦᠨ ᠪᠣᠯᠣᠭᠰᠠᠨ ᠪᠥᠭᠡᠳ | ᠮᠣᠩᠭᠣᠯ ᠲᠥᠪᠡᠳ ᠦᠨ ᠰᠤᠷᠭᠠᠨ ᠬᠥᠮᠦᠵᠢᠯ ᠦᠨ ᠬᠡᠰᠡᠭ ᠢ ᠨᠢ | ᠨᠠᠶᠢᠷᠠᠭᠤᠯᠤᠨ ᠪᠢᠴᠢᠭᠰᠡᠨ ᠪᠠᠶᠢᠨ᠎ᠠ ᠃ | 1932 ᠣᠨ ᠳᠤ ᠶᠠᠫᠣᠨ ᠴᠡᠷᠢᠭ ᠦᠨ ᠬᠥᠯᠭᠡ ᠣᠩᠭᠣᠴᠠ ᠨᠠᠨᠵᠢᠩ ᠢ | ᠳᠡᠯᠪᠡᠴᠢᠵᠦ ᠂ ᠮᠣᠩᠭᠣᠯ ᠪᠢᠴᠢᠭ ᠤᠨ ᠬᠤᠷᠢᠶ᠎ᠠ ᠠᠷᠭ᠎ᠠ ᠪᠣᠰᠤ | ᠡᠭᠦᠳᠡ ᠪᠡᠨ ᠬᠠᠭᠠᠵᠠᠶ ᠃ ᠲᠡᠭᠦᠨ ᠡᠴᠡ ᠬᠣᠶᠢᠰᠢ ᠲᠡᠮᠡᠭᠡᠲᠦ | ᠸᠠᠩ ᠤᠨ ᠰᠦᠮ᠎ᠡ ( ᠣᠳᠣ ᠶᠢᠨ ᠤᠯᠠᠭᠠᠨᠬᠣᠲᠠ ) ᠳᠤ ᠬᠦᠷᠴᠦ | ᠬᠢᠩᠭᠠᠨ ᠤ ᠣᠹᠢᠼᠧᠷ ᠦᠨ ᠰᠤᠷᠭᠠᠭᠤᠯᠢ ᠳᠤ ᠪᠠᠭᠰᠢᠯᠠᠵᠤ | ᠪᠠᠶᠢᠵᠠᠶ ᠃ 1939 ᠣᠨ ᠤ5 ᠰᠠᠷ᠎ᠠ ᠶᠢᠨ2 ᠳᠤ ᠸᠠᠩ ᠤᠨ | ᠰᠦᠮ᠎ᠡ ᠳᠦ ᠡᠪᠡᠳᠴᠢᠨ ᠢᠶᠡᠷ ᠲᠠᠪᠢᠨ ᠭᠤᠷᠪᠠᠲᠠᠶ ᠨᠠᠰᠤ | ᠪᠠᠷᠠᠵᠠᠢ ᠃ | |