ᠤᠯᠠᠭᠠᠨᠬᠠᠳ᠋ᠠ ᠤᠷᠤᠨ ᠤ ᠤᠯᠠᠭᠠᠨᠮᠦ᠋ᠴᠢᠷ ᠲᠦ ᠤᠩᠨᠢᠭᠤᠳ | ᠬᠤᠰᠢᠭᠤᠨ ᠤ ᠤᠯᠠᠭᠠᠨᠮᠦ᠋ᠴᠢᠷ ᠬᠠᠮᠤᠭ ᠲᠡᠷᠢᠬᠦᠨ ᠳ᠋ᠤ | ᠪᠠᠶᠢᠭᠤᠯᠤᠭᠳ᠋ᠠᠪᠠ ᠃ 1957 ᠤᠨ ᠳ᠋ᠤ ᠪᠠᠶᠢᠭᠤᠯᠤᠭᠳ᠋ᠠᠵᠤ ᠦᠪᠦᠷ | ᠮᠤᠩᠭᠤᠯ ᠦᠨ ᠦᠪᠡᠷᠳ᠋ᠡᠬᠡᠨ ᠵᠠᠰᠠᠬᠤ ᠤᠷᠤᠨ ᠤ ᠬᠤᠶᠠᠷ | ᠲᠤᠷᠰᠢᠯᠳ᠋ᠠ ᠢᠢᠨ ᠴᠢᠭ ᠦᠨ ᠨᠢᠬᠡ ᠨᠢ ᠪᠤᠯᠵᠤ ᠪᠠᠶᠢᠪᠠ ᠃ 1966 | ᠤᠨ ᠳ᠋ᠤ ᠪᠦᠬᠦ ᠠᠶᠢᠮᠠᠭ ᠦᠨ 11 ᠬᠤᠰᠢᠭᠤ ᠰᠢᠶᠠᠨ ᠤ | ᠤᠯᠠᠭᠠᠨᠮᠦ᠋ᠴᠢᠷ ᠨᠡᠶᠢᠳ᠋ᠡᠮ ᠪᠠᠶᠢᠭᠤᠯᠤᠭᠳ᠋ᠠᠵᠤ ᠂ 135 ᠬᠦᠮᠦᠨ | ᠲᠠᠢ ᠪᠠᠶᠢᠵᠤ ᠂ ᠤᠯᠤᠰ ᠲᠦᠷᠦ ᠢᠢᠨ ᠵᠢᠭᠠᠨ ᠵᠢᠯᠤᠭᠤᠳ᠋ᠤᠭᠴᠢ ᠂ | ᠠᠩᠬᠢ ᠢᠢᠨ ᠲᠠᠷᠤᠭ᠎ᠠ ᠲᠤᠰ ᠪᠦᠷᠢ ᠨᠢᠬᠡ ᠬᠦᠮᠦᠨ ᠲᠠᠢ ᠪᠠᠶᠢᠪᠠ ᠃ | ᠬᠤᠰᠢᠭᠤ ᠰᠢᠶᠠᠨ ᠤ ᠰᠤᠶᠤᠯ ᠦᠨ ᠲᠤᠪᠴᠢᠶ᠎ᠠ ᠳ᠋ᠤ | ᠬᠠᠮᠢᠶᠠᠷᠤᠭᠳ᠋ᠠᠭᠰᠠᠨ ᠠᠷᠠᠳ ᠨᠡᠶᠢᠳ᠋ᠡ ᠢᠢᠨ ᠠᠵᠢᠯ ᠦᠢᠯᠡᠰ | ᠦᠨ ᠪᠠᠶᠢᠭᠤᠯᠤᠮᠵᠢ ᠪᠤᠯᠪᠠ ᠃ ᠡᠬᠦᠨ ᠳ᠋ᠤ ᠬᠡᠰᠢᠭᠳ᠋ᠡᠨ ᠂ | ᠯᠢᠨᠰᠢ ᠂ ᠵᠠᠬᠦᠨ ᠪᠠᠭᠠᠷᠢᠨ ᠂ ᠪᠠᠷᠠᠭᠤᠨ ᠪᠠᠭᠠᠷᠢᠨ ᠪᠤᠯᠤᠨ | ᠬᠠᠷᠠᠴᠢᠨ ᠤ ᠤᠯᠠᠭᠠᠨᠮᠦ᠋ᠴᠢᠷ ᠨᠢ ᠴᠦᠮ ᠤᠤᠯ ᠦᠨ ᠰᠤᠶᠤᠯ ᠦᠨ | ᠠᠩᠬᠢ ᠪᠡᠨ ᠰᠢᠯᠵᠢᠬᠦᠯᠵᠤ ᠪᠠᠶᠢᠭᠤᠯᠵᠠᠢ ᠃ 1985 ᠤᠨ ᠳ᠋ᠤ | ᠬᠤᠩᠱᠠᠨ ᠲᠤᠭᠤᠷᠢᠭ ᠦᠨ ᠤᠯᠠᠭᠠᠨᠮᠦ᠋ᠴᠢᠷ ᠬᠠᠰᠤᠭᠳ᠋ᠠᠪᠠ ᠃ 1990 | ᠤᠨ ᠪᠤᠯᠬᠤ ᠳ᠋ᠤ ᠪᠦᠬᠦ ᠬᠤᠳ᠋ᠠ ᠳ᠋ᠤ ᠪᠡᠨ 10 ᠤᠯᠠᠭᠠᠨᠮᠦ᠋ᠴᠢᠷ | ᠲᠠᠢ ᠂ 316 ᠬᠦᠮᠦᠨ ᠲᠠᠢ ᠪᠠᠶᠢᠵᠤ ᠂ ᠲᠤᠮᠳ᠋ᠠ ᠵᠡᠷᠬᠡ ᠢᠢᠨ | ᠲᠤᠰᠬᠠᠢ ᠮᠡᠷᠬᠡᠵᠢᠯ ᠦᠨ ᠴᠤᠯᠠᠳ᠋ᠠᠨ 45 ᠬᠦᠮᠦᠨ ᠂ ᠠᠩᠬ᠎ᠠ | ᠵᠡᠷᠬᠡ ᠢᠢᠨ ᠴᠤᠯᠠᠳ᠋ᠠᠨ 75 ᠬᠦᠮᠦᠨ ᠪᠠᠶᠢᠪᠠ ᠃ | ᠲᠤᠰ ᠠᠶᠢᠮᠠᠭ ᠦᠨ ᠤᠯᠠᠭᠠᠨᠮᠦ᠋ᠴᠢᠷ 《ᠰᠤᠶᠤᠯ ᠤᠷᠠᠯᠢᠭ ᠢ | ᠨᠡᠶᠢᠬᠡᠮ ᠵᠢᠷᠤᠮᠳ᠋ᠦ ᠪᠦᠳ᠋ᠦᠬᠡᠨ ᠪᠠᠶᠢᠭᠤᠯᠤᠯᠳ᠋ᠠ ᠳ᠋ᠤ | ᠦᠢᠯᠡᠴᠢᠯᠡᠬᠦᠯᠬᠦ ᠂ ᠠᠷᠠᠳ ᠲᠦᠮᠡᠨ ᠳ᠋ᠤ ᠦᠢᠯᠡᠴᠢᠯᠡᠬᠦᠯᠬᠦ | 》ᠴᠢᠭᠯᠡᠯᠳ᠋ᠡ ᠢᠢ ᠪᠠᠷᠢᠮᠳ᠋ᠠᠯᠠᠵᠤ ᠂ 《ᠶᠠᠬᠡ ᠴᠢᠭᠯᠡᠯ 》᠂ | 《ᠪᠠᠭ᠎ᠠ ᠡᠩᠨᠡᠬᠡ ᠂ ᠪᠠᠭ᠎ᠠ ᠲᠤᠭᠯᠠᠯᠳ᠋ᠠ ᠂ ᠪᠠᠭ᠎ᠠ ᠲᠠᠯᠠᠪᠠᠢ | 》ᠬᠡᠬᠦ 《ᠨᠢᠬᠡ ᠶᠠᠬᠡ ᠭᠤᠷᠪᠠᠨ ᠪᠠᠭ᠎ᠠ 》 ᠶᠢᠨ ᠵᠤᠷᠢᠭ | ᠰᠠᠨᠠᠭ᠎ᠠ ᠪᠡᠷ ᠤᠳ᠋ᠤᠷᠢᠳ᠋ᠤᠮᠵᠢ ᠪᠤᠯᠭᠠᠵᠤ ᠂ ᠤᠷᠤᠨ ᠨᠤᠳ᠋ᠤᠭ ᠂ | ᠦᠨᠳ᠋ᠤᠰᠤᠳ᠋ᠠᠨ ᠤ ᠤᠨᠴᠠᠯᠢᠭ ᠲᠠᠢ ᠪᠡᠨ ᠤᠶᠠᠯᠳ᠋ᠤᠭᠤᠯᠤᠭᠰᠠᠨ | ᠲᠤᠭᠯᠠᠯᠳ᠋ᠠ ᠦᠵᠡᠭᠦᠯᠭᠡ ᠪᠤᠯᠤᠨ ᠦᠢᠯᠡᠴᠢᠯᠡᠬᠡᠨ ᠢ | ᠬᠠᠮᠳ᠋ᠤᠷᠠᠭᠤᠯᠬᠤ ᠂ ᠤᠯᠠᠭᠠᠨᠮᠦ᠋ᠴᠢᠷ ᠤᠨ ᠠᠩᠬᠢ ᠨᠢ ᠤᠯᠠᠨ | ᠬᠡᠷᠡᠭᠴᠡᠬᠡ ᠲᠠᠢ ᠠᠵᠢᠯᠯᠠᠬᠤ ᠂ ᠬᠦᠮᠦᠨ ᠪᠦᠷᠢ ᠨᠢᠬᠡ ᠳ᠋ᠤ | ᠲᠤᠰᠬᠠᠶᠢᠵᠢᠨ ᠤᠯᠠᠨ ᠳ᠋ᠤ ᠴᠠᠭᠠᠷᠠᠬᠤ ᠱᠠᠭᠠᠷᠳᠠᠯᠭ᠎ᠠ ᠪᠠᠷ ᠂ | ᠵᠢᠯ ᠲᠣᠵᠢ ᠬᠦᠳ᠋ᠡᠬᠡ ᠪᠠᠭᠤᠵᠤ ᠢᠳ᠋ᠡᠪᠬᠢᠯᠡᠨ ᠲᠤᠭᠯᠠᠵᠤ ᠂ | ᠤᠯᠠᠨ ᠲᠦᠮᠡᠨ ᠳ᠋ᠤ ᠲᠠᠭᠤᠤ ᠪᠦᠵᠢᠭ ᠬᠦᠷᠬᠡᠪᠡ ᠃ ᠡᠬᠦᠨ ᠤ | ᠬᠠᠮᠳ᠋ᠦ ᠤᠷᠠᠯᠢᠭ ᠦᠨ ᠬᠠᠪᠰᠤᠷᠤᠨ ᠵᠢᠯᠤᠭᠤᠳ᠋ᠤᠯᠭ᠎ᠠ ᠬᠢᠬᠦ ᠂ | ᠴᠠᠭ ᠦᠨ ᠪᠠᠶᠢᠳ᠋ᠠᠯ ᠦᠨ ᠤᠬᠠᠭᠤᠯᠤᠯ ᠬᠢᠬᠦ ᠂ ᠰᠡᠬᠦᠳ᠋ᠡᠷ | ᠵᠢᠷᠤᠭ ᠦᠨ ᠲᠡᠯᠬᠡᠨ ᠦᠵᠡᠭᠦᠯᠭᠡ ᠡᠷᠬᠢᠯᠡᠬᠦ ᠂ ᠦᠰᠦ ᠵᠠᠰᠠᠵᠤ | ᠵᠢᠷᠤᠭ ᠰᠡᠬᠦᠳ᠋ᠡᠷ ᠲᠠᠳ᠋ᠠᠬᠤ ᠵᠡᠷᠬᠡ ᠦᠢᠯᠡᠴᠢᠯᠡᠬᠡᠨ ᠤ | ᠠᠵᠢᠯᠯᠠᠭᠠᠨ ᠢ ᠢᠳ᠋ᠡᠪᠬᠢᠳ᠋ᠠᠢ ᠦᠷᠨᠢᠬᠦᠯᠵᠤ ᠤᠯᠠᠨ ᠲᠦᠮᠡᠨ ᠤ | ᠬᠦᠷᠢᠶᠠᠯᠠᠯ ᠢ ᠤᠯᠪᠠ ᠃ ᠬᠦᠮᠦᠰ ᠲᠡᠳ᠋ᠡᠨ ᠢ 《ᠮᠠᠯᠴᠢᠳ ᠦᠨ | ᠰᠡᠳᠬᠢᠯ ᠤᠨ ᠬᠦᠮᠦᠰ 》ᠬᠡᠵᠤ ᠲᠤᠳ᠋ᠤᠨᠤᠴᠢᠯᠠᠨ ᠶᠠᠷᠢᠵᠤ ᠂ | 《ᠲᠠᠯ᠎ᠠ ᠨᠤᠳ᠋ᠤᠭ ᠦᠨ ᠤᠷᠠᠯᠢᠭ ᠦᠨ ᠬᠦᠩᠬᠡᠨ ᠮᠤᠷᠢᠳ᠋ᠦ | ᠴᠡᠷᠢᠭ 》ᠬᠡᠵᠤ ᠮᠠᠭᠳ᠋ᠠᠳ᠋ᠠᠭ ᠪᠠᠶᠢᠯ᠎ᠠ ᠃ | ᠡᠯ᠎ᠠ ᠤᠯᠠᠭᠠᠨᠮᠦ᠋ᠴᠢᠷ ᠦᠨ ᠲᠤᠭᠯᠠᠯᠳ᠋ᠠ ᠢᠢᠨ ᠬᠡᠯᠪᠡᠷᠢ | ᠮᠠᠶ᠋ᠢᠭ ᠨᠢ ᠲᠤᠰ ᠤᠷᠤᠨ ᠤ ᠪᠡᠨ ᠪᠤᠳ᠋ᠠᠳ᠋ᠦ ᠪᠠᠶᠢᠳ᠋ᠠᠯ ᠳ᠋ᠤ | ᠲᠤᠬᠢᠷᠠᠭᠰᠠᠨ ᠪᠠᠶᠢᠳ᠋ᠠᠭ ᠃ ᠲᠠᠷᠢᠶᠠᠯᠠᠬᠤ ᠤᠷᠤᠨ ᠤ ᠬᠢᠨ ᠰᠢ | ᠵᠦᠴᠦᠬᠡ ᠪᠡᠷ ᠭᠤᠤᠯᠳ᠋ᠠᠯᠭ᠎ᠠ ᠪᠤᠯᠭᠠᠵᠤ ᠂ ᠮᠠᠯᠵᠢᠬᠤ ᠤᠷᠤᠨ ᠤ | ᠬᠢᠨ ᠲᠠᠭᠤᠤ ᠪᠦᠵᠢᠭ ᠂ ᠬᠤᠯᠪᠤᠭ᠎ᠠ ᠂ ᠬᠦᠭᠵᠢᠮ ᠢᠢᠠᠷ | ᠭᠤᠤᠯᠯᠠᠵᠤ ᠂ ᠠᠮᠢᠳ᠋ᠤᠯᠢᠭ ᠴᠤᠪᠤᠭᠤ ᠤᠯᠠᠨ ᠲᠦᠮᠡᠨ ᠤ ᠲᠤᠷ᠎ᠠ | ᠪᠠᠬ᠎ᠠ ᠳ᠋ᠤ ᠵᠤᠬᠢᠴᠠᠭᠰᠠᠨ ᠪᠠᠶᠢᠳ᠋ᠠᠭ ᠃ ᠲᠤᠭᠯᠠᠯᠳ᠋ᠠ ᠨᠢ ᠲᠤᠰ | ᠤᠷᠤᠨ ᠭᠠᠵᠠᠷ ᠡᠴᠠ ᠪᠡᠨ ᠰᠡᠳ᠋ᠦᠪ ᠰᠤᠩᠭᠤᠵᠤ ᠂ ᠪᠤᠳ᠋ᠠᠳ᠋ᠠᠢ ᠡᠴᠠ | ᠡᠬᠦᠰᠴᠦ ᠂ ᠠᠮᠢᠳ᠋ᠤᠷᠠᠯ ᠢ ᠬᠠᠷᠠᠭᠤᠯᠤᠭᠰᠠᠨ ᠂ ᠠᠪᠤᠨ | ᠵᠤᠬᠢᠶᠠᠵᠤ ᠲᠠᠷᠤᠨ ᠲᠤᠭᠯᠠᠳ᠋ᠠᠭ ᠃ ᠪᠠᠷᠠᠭᠤᠨ ᠪᠠᠭᠠᠷᠢᠨ ᠤ | ᠤᠯᠠᠭᠠᠨᠮᠦ᠋ᠴᠢᠷ ᠦᠨ ᠨᠠᠶᠢᠷᠠᠭᠤᠯᠤᠨ ᠵᠤᠬᠢᠶᠠᠵᠤ | ᠲᠤᠭᠯᠠᠭᠰᠠᠨ 《ᠵᠤᠳ ᠰᠢᠭᠤᠷᠭ᠎ᠠ ᠲᠠᠢ ᠲᠡᠮᠡᠴᠡᠭᠰᠡᠨ ᠨᠢ 》ᠬᠡᠬᠦ | ᠬᠤᠯᠪᠤᠭ᠎ᠠ ᠂ 《ᠵᠢᠷᠦᠬᠡᠨ ᠦ ᠬᠠᠶᠢᠷᠠᠲᠤ ᠰᠢᠷᠡᠮᠦ᠋ᠷᠡᠨ 》ᠬᠡᠬᠦ | ᠲᠠᠭᠤᠤ ᠪᠤᠯᠤᠨ ᠬᠡᠰᠢᠭᠳ᠋ᠡᠨ ᠤ ᠤᠯᠠᠭᠠᠨᠮᠦ᠋ᠴᠢᠷ ᠦᠨ | ᠵᠤᠬᠢᠶᠠᠵᠤ ᠲᠤᠭᠯᠠᠭᠰᠠᠨ 《ᠱᠠᠬᠠᠢ ᠲᠠᠬᠠᠯᠠᠭᠴᠢ 》ᠬᠡᠬᠦ | ᠮᠤᠩᠭᠤᠯ ᠵᠦᠴᠦᠬᠡ ᠂ ᠠᠷᠤ ᠬᠤᠷᠴᠢᠨ ᠤ ᠤᠯᠠᠭᠠᠨᠮᠦ᠋ᠴᠢᠷ ᠦᠨ | ᠵᠤᠬᠢᠶᠠᠭᠰᠠᠨ 《ᠡᠵᠢ ᠢᠢᠨ ᠰᠤᠷᠭᠠᠯ 》ᠬᠡᠬᠦ ᠪᠦᠵᠢᠭ ᠂ ᠯᠢᠨᠰᠢ | ᠢᠢᠨ ᠤᠯᠠᠭᠠᠨᠮᠦ᠋ᠴᠢᠷ ᠦᠨ ᠲᠤᠭᠯᠠᠭᠰᠠᠨ 《ᠶᠠᠩ ᠰᠠᠨ ᠵᠢᠶᠧ | ᠵᠠᠷᠭᠤ ᠬᠢᠭᠰᠡᠨ ᠨᠢ 》 ᠭᠡᠬᠦ ᠲᠤᠮᠤ ᠬᠡᠯᠪᠡᠷᠢ ᠢᠢᠨ ᠫᠢᠩᠵᠢᠦᠢ | ᠵᠦᠴᠦᠬᠡ ᠪᠠ ᠨᠢᠩᠴᠧᠩ ᠦᠨ ᠤᠯᠠᠭᠠᠨᠮᠦ᠋ᠴᠢᠷ ᠦᠨ 《ᠪᠤᠷᠳ᠋ᠤᠭᠤᠷ | ᠬᠦᠷᠬᠡᠭᠰᠡᠨ ᠨᠢ 》ᠬᠡᠬᠦ ᠵᠢᠵᠢᠭ ᠵᠦᠴᠦᠬᠡ ᠨᠢ ᠨᠤᠳ᠋ᠤᠭ ᠤᠰᠤᠨ ᠤ | ᠦᠨᠦᠷ ᠠᠮᠳ᠋ᠠ ᠪᠡᠷ ᠪᠢᠯᠬᠠᠮᠠᠪᠠᠶᠢᠵᠤ ᠂ ᠭᠤᠶᠢᠳ᠋ᠠ ᠰᠠᠶᠢᠬᠠᠨ | ᠤᠷᠠᠯᠢᠭ ᠢᠢᠠᠷ ᠢᠢᠠᠨ ᠦᠵᠡᠭᠴᠢᠳ ᠲᠦ ᠬᠦᠨ ᠰᠠᠭᠤᠭᠳ᠋ᠠᠯ | ᠦᠯᠡᠳ᠋ᠡᠬᠡᠵᠠᠢ ᠃ 1990 ᠤᠨ ᠪᠤᠯᠬᠤ ᠳ᠋ᠤ ᠪᠦᠬᠦ ᠬᠤᠳ᠋ᠠ ᠢᠢᠨ 10 | ᠤᠯᠠᠭᠠᠨᠮᠦ᠋ᠴᠢᠷ ᠦᠨ 125 ᠤᠳᠠᠭ᠎ᠠ ᠶᠢᠨ ᠲᠤᠭᠯᠠᠯᠳ᠋ᠠ ᠨᠢ ᠮᠤᠵᠢ | ᠂ ᠦᠪᠡᠷᠳ᠋ᠡᠬᠡᠨ ᠵᠠᠰᠠᠬᠤ ᠤᠷᠤᠨ ᠤ ᠲᠡᠰ ᠡᠴᠠ ᠲᠡᠬᠡᠭᠰᠢᠬᠢ | ᠡᠯ᠎ᠠ ᠵᠦᠢᠯ ᠦᠨ ᠱᠠᠩᠨᠠᠯ ᠢ ᠤᠯᠵᠤ ᠂ 78 ᠤᠳᠠᠭ᠎ᠠ ᠶᠢᠨ | ᠲᠤᠭᠯᠠᠯᠳ᠋ᠠ ᠨᠢ ᠬᠤᠳ᠋ᠠ ᠢᠢᠨ ᠲᠡᠰ ᠦᠨ ᠱᠠᠩᠨᠠᠯ ᠬᠦᠷᠳ᠋ᠡᠪᠡ ᠃ | ᠠᠩᠬᠢ ᠪᠦᠷᠢ ᠨᠢ ᠵᠢᠯ ᠳ᠋ᠤ ᠲᠡᠭᠰᠢᠳᠬᠡᠬᠡᠳ 144 ᠤᠳᠠᠭ᠎ᠠ | ᠲᠤᠭᠯᠠᠯᠳ᠋ᠠ ᠭᠠᠷᠭᠠᠵᠠᠢ ᠃ | ᠲᠤᠰ ᠬᠤᠳ᠋ᠠ ᠢᠢᠨ ᠤᠯᠠᠭᠠᠨᠮᠦ᠋ᠴᠢᠷ ᠦᠪᠡᠷ ᠦᠪᠡᠷ ᠦᠨ | ᠬᠤᠰᠢᠭᠤ ᠰᠢᠶᠠᠨ ᠳ᠋ᠤ ᠪᠡᠨ ᠤᠷᠠᠯᠢᠭ ᠦᠨ ᠠᠵᠢᠯᠯᠠᠭᠠᠨ | ᠦᠷᠨᠢᠬᠦᠯᠦᠭᠰᠡᠨ ᠤ ᠬᠠᠮᠳ᠋ᠦ ᠬᠤᠳ᠋ᠠ ᠪᠠ ᠤᠷᠤᠨ ᠤ | ᠭᠠᠳ᠋ᠠᠨᠠᠬᠢ ᠲᠤᠭᠯᠠᠯᠳ᠋ᠠ ᠢᠢᠨ ᠠᠵᠢᠯᠯᠠᠭᠠᠨ ᠳ᠋ᠤ | ᠢᠳ᠋ᠡᠪᠬᠢᠳ᠋ᠠᠢ ᠤᠷᠤᠯᠴᠠᠪᠠ ᠃ 1965 ᠤᠨ ᠳ᠋ᠤ ᠦᠪᠦᠷ ᠮᠤᠩᠭᠤᠯ ᠦᠨ | ᠦᠪᠡᠷᠳ᠋ᠡᠬᠡᠨ ᠵᠠᠰᠠᠬᠤ ᠤᠷᠤᠨ ᠡᠴᠠ ᠤᠯᠠᠭᠠᠨᠮᠦ᠋ᠴᠢᠷ ᠦᠨ | ᠲᠦᠯᠦᠬᠡᠯᠡᠭᠴᠢ ᠢᠢᠨ ᠠᠩᠬᠢ ᠵᠤᠬᠢᠶᠠᠨ ᠪᠠᠶᠢᠭᠤᠯᠵᠤ ᠪᠦᠬᠦ | ᠤᠯᠤᠰ ᠦᠨ ᠡᠯ᠎ᠠ ᠭᠠᠵᠠᠷ ᠲᠦ ᠲᠤᠬᠤᠨᠢᠭᠤᠯᠬᠤ ᠲᠤᠭᠯᠠᠯᠳ᠋ᠠ | ᠭᠠᠷᠭᠠᠭᠰᠠᠨ ᠳ᠋ᠤ ᠂ ᠤᠩᠨᠢᠭᠤᠳ ᠬᠤᠰᠢᠭᠤ ᠂ ᠪᠠᠭᠠᠷᠢᠨ ᠪᠠᠷᠠᠭᠤᠨ | ᠬᠤᠰᠢᠭᠤᠨ ᠤ ᠤᠯᠠᠭᠠᠨᠮᠦ᠋ᠴᠢᠷ ᠦᠨ ᠰᠦᠩ ᠵᠧᠩ ᠢᠦᠢ ᠂ ᠪᠡᠳᠮ᠎ᠠ | ᠵᠡᠷᠬᠡ 14 ᠬᠦᠮᠦᠨ ᠰᠤᠩᠭᠤᠭᠳ᠋ᠠᠨ ᠤᠷᠤᠯᠴᠠᠪᠠ ᠃ ᠲᠠᠳ᠋ᠡᠨᠡᠷ 8 | ᠰᠠᠷ᠎ᠠ ᠦᠷᠬᠦᠯᠵᠢᠯᠡᠨ ᠲᠤᠭᠯᠠᠵᠤ ᠂ ᠤᠮᠠᠷᠠᠳ᠋ᠦ ᠳ᠋ᠤ ᠳ᠋ᠠᠴᠢᠩ | ᠦᠨ ᠴᠢᠯᠠᠭᠤᠨ ᠲᠤᠰᠤᠨ ᠤ ᠠᠭᠤᠷᠬᠠᠢ ᠂ ᠡᠮᠦᠨᠡᠳ᠋ᠦ ᠳ᠋ᠤ | ᠭᠤᠧᠠᠩᠳ᠋ᠦ᠋ᠩ ᠮᠤᠵᠢ ᠢᠢᠨ ᠲᠦᠪ ᠂ ᠵᠡᠬᠦᠨ ᠳ᠋ᠤ ᠰᠢᠶᠠᠮᠧᠠ ᠤ | ᠲᠠᠯᠠᠢ ᠢᠢᠨ ᠰᠡᠷᠬᠡᠶᠢᠯᠡᠯᠳ᠋ᠡ ᠢᠢᠨ ᠡᠮᠦᠨ᠎ᠠ ᠹᠷᠤᠨᠲ ᠂ | ᠪᠠᠷᠠᠭᠤᠨ ᠳ᠋ᠤ ᠲᠦᠪᠡᠳ ᠦᠨ ᠠ ᠯᠢ ᠢᠢᠨ ᠬᠢᠯᠢ ᠬᠢᠵᠠᠭᠠᠷ ᠲᠦ | ᠬᠦᠷᠪᠠ ᠃ ᠪᠦᠬᠦ ᠤᠯᠤᠰ ᠦᠨ 27 ᠮᠤᠵᠢ ᠂ ᠬᠤᠳ᠋ᠠ ᠂ ᠦᠪᠡᠷᠳ᠋ᠡᠬᠡᠨ | ᠵᠠᠰᠠᠬᠤ ᠤᠷᠤᠨ ᠢᠢᠠᠷ ᠲᠠᠪᠤᠨ ᠲᠦᠮᠡᠨ ᠭᠠᠵᠡᠷ ᠠᠶᠠᠯᠠᠵᠤ ᠂ | ᠵᠠᠭᠤ ᠭᠠᠷᠤᠢ ᠤᠳᠠᠭ᠎ᠠ ᠲᠤᠭᠯᠠᠯᠳ᠋ᠠ ᠭᠠᠷᠭᠠᠵᠤ ᠤᠯᠠᠨ ᠦᠵᠡᠭᠴᠢᠳ | ᠦᠨ ᠤᠨᠴᠠ ᠶᠡᠬᠡ ᠬᠦᠷᠢᠶᠠᠯᠡᠯ ᠢ ᠤᠯᠪᠠ ᠃ ᠲᠤᠰ ᠵᠢᠯ ᠦᠨ 12 | ᠰᠠᠷ᠎ᠠ ᠢᠢᠨ 22 ᠦᠨ ᠡᠳ᠋ᠦᠷ ᠶᠡᠷᠦᠩᠬᠡᠢ ᠰᠠᠶᠢᠳ ᠵᠧᠦ ᠧᠨ ᠯᠠᠢ ᠂ | ᠲᠡᠳ᠋ ᠶᠠᠷᠦᠩᠬᠡᠢ ᠰᠠᠶᠢᠳ ᠴᠧᠨ ᠢ ᠵᠦᠩ ᠨᠠᠨ ᠬᠠᠢ ᠳ᠋ᠤ | ᠲᠦᠯᠦᠬᠡᠯᠡᠭᠴᠢ ᠢᠢᠨ ᠠᠩᠬᠢ ᠢᠢ ᠲᠤᠳ᠋ᠤᠨᠤ ᠪᠡᠷ ᠬᠦᠯᠢᠶᠠᠨ | ᠠᠭᠤᠯᠵᠠᠵᠤ ᠂ ᠬᠠᠮᠳ᠋ᠦ ᠪᠡᠷ ᠲᠦᠬᠦᠮ ᠬᠣᠭᠣᠯᠠᠨ ᠳ᠋ᠥ ᠣᠷᠣᠵᠠᠢ ᠃ | ᠪᠤᠳ᠋ᠠᠭᠠᠯᠠᠬᠤ ᠲᠤᠮᠳ᠋ᠠ ᠵᠧᠦ ᠧᠨ ᠯᠠᠢ ᠶᠠᠷᠦᠩᠬᠡᠢ ᠰᠠᠶᠢᠳ ᠡᠴᠠ | ᠄ 《ᠬᠤᠳ᠋ᠠ ᠭᠠᠵᠠᠷ ᠤᠴᠢᠯ᠎ᠠ ᠬᠡᠳ ᠬᠦᠳ᠋ᠡᠬᠡ ᠨᠤᠳ᠋ᠤᠭ ᠢᠢᠠᠨ | ᠪᠤᠤ ᠮᠠᠷᠳ᠋ᠠᠴᠢᠬᠠ ᠳ᠋ᠠ 》᠂ 《ᠦᠩᠬᠡᠷᠡᠭᠰᠡᠨ ᠢᠢᠠᠨ | ᠪᠢᠳ᠋ᠡᠬᠡᠢ ᠮᠠᠷᠳ᠋ᠠᠭᠠᠷᠠᠢ ᠂ ᠬᠦᠳ᠋ᠡᠬᠡ ᠲᠤᠰᠬᠤᠨ ᠢᠢᠠᠨ | ᠪᠢᠳ᠋ᠡᠬᠡᠢ ᠮᠠᠷᠳ᠋ᠠᠭᠠᠷᠠᠢ ᠂ ᠲᠠᠯ᠎ᠠ ᠨᠤᠳ᠋ᠤᠭ ᠢᠢᠠᠨ | ᠪᠢᠳ᠋ᠡᠬᠡᠢ ᠮᠠᠷᠳ᠋ᠠᠭᠠᠷᠠᠢ 》᠂ 《ᠤᠯᠠᠭᠠᠨᠮᠦ᠋ᠴᠢᠷ ᠦᠨ ᠨᠡᠷ᠎ᠠ | ᠠᠯᠳ᠋ᠠᠷ ᠢᠢᠠᠨ ᠵᠢᠪᠡᠷᠡᠭᠦᠯᠦᠯ ᠦᠭᠡᠢ ᠬᠠᠳ᠋ᠠᠭᠠᠯᠠᠵᠤ ᠂ | ᠬᠤᠪᠢᠰᠬᠠᠯᠳ᠋ᠤ ᠲᠠᠭᠤᠤ ᠪᠦᠵᠢᠭ ᠢᠢᠠᠨ ᠤᠯᠤᠰ ᠲᠠᠶᠠᠭᠠᠷ ᠲᠦ | ᠬᠦᠷᠭᠡᠭᠡᠷᠡᠢ》ᠬᠡᠵᠤ ᠨᠤᠬᠤᠴᠠᠲᠠᠢ ᠰᠤᠷᠭᠠᠯ ᠬᠠᠶᠢᠷᠠᠯᠠᠵᠤ | ᠪᠢᠯᠡ ᠃ 12 ᠰᠠᠷ᠎ᠠ ᠢᠢᠨ 27 ᠤ ᠡᠳ᠋ᠦᠷ ᠨᠠᠮ ᠲᠦᠷᠦ ᠢᠢᠨ | ᠤᠳ᠋ᠤᠷᠢᠳᠬᠤ ᠬᠦᠮᠦᠰ ᠮᠠᠤ ᠽᠧ ᠳ᠋ᠦᠩ ᠂ ᠵᠧᠦ ᠧᠨ ᠯᠠᠢ ᠂ ᠵᠤ᠋ ᠳ᠋ᠧ ᠂ | ᠳ᠋ᠧᠩ ᠰᠢᠶᠣᠣ ᠫᠢᠩ ᠨᠠᠷ ᠠᠷᠠᠳ ᠦᠨ ᠶᠠᠬᠡ ᠬᠤᠷᠠᠯ ᠦᠨ ᠲᠠᠩᠬᠢᠮ | ᠳ᠋ᠤ ᠪᠦᠬᠦ ᠲᠦᠯᠦᠬᠡᠯᠡᠭᠴᠢ ᠢᠢ ᠬᠦᠯᠢᠶᠠᠨ ᠠᠪᠴᠦ ᠂ ᠲᠡᠨᠤᠰ ᠪᠤᠯ | ᠪᠦᠬᠦ ᠤᠯᠤᠰ ᠦᠨ ᠤᠷᠠᠯᠢᠭ ᠦᠨ ᠬᠢᠨ ᠤ ᠲᠤᠭᠴᠢ ᠮᠦᠨ ᠬᠡᠵᠤ | ᠮᠠᠭᠳ᠋ᠠᠵᠠᠢ ᠃ | ᠳᠠᠯᠠᠭᠠᠳ ᠤᠨ ᠳ᠋ᠤ ᠤᠯᠠᠭᠠᠨᠬᠠᠳ᠋ᠠ ᠰᠢᠶᠠᠨ ᠂ ᠪᠠᠭᠠᠷᠢᠨ | ᠪᠠᠷᠠᠭᠤᠨ ᠬᠤᠰᠢᠭᠤ ᠂ ᠠᠷᠤ ᠬᠤᠷᠴᠢᠨ ᠬᠤᠰᠢᠭᠤᠨ ᠤ | ᠤᠯᠠᠭᠠᠨᠮᠦ᠋ᠴᠢᠷ ᠤᠷᠢᠳ ᠬᠤᠵᠢᠳ ᠵᠤᠤ ᠤᠳ᠋ᠠ ᠠᠶᠢᠮᠠᠭ ᠦᠨ | ᠬᠤᠪᠢᠰᠬᠠᠯ ᠦᠨ ᠵᠦᠪᠯᠡᠯ ᠦᠨ ᠨᠡᠶᠢᠳ᠋ᠡᠯᠭᠠ ᠪᠡᠷ | ᠰᠢᠯᠢᠩᠭᠤᠤᠯ ᠠᠶᠢᠮᠠᠭ ᠂ ᠯᠢᠶᠤᠤᠨᠢᠩ ᠮᠤᠵᠢ ᠢᠢᠨ ᠯᠢᠶᠤᠤᠵᠦ᠋ᠩ | ᠰᠢᠶᠠᠨ ᠂ ᠯᠢᠶᠤᠤᠾᠧ ᠴᠢᠯᠠᠭᠤᠨ ᠲᠤᠰᠤᠨ ᠠᠭᠤᠷᠬᠠᠢ ᠵᠡᠷᠬᠡ | ᠭᠠᠵᠠᠷ ᠬᠦᠷᠴᠦ ᠰᠠᠭᠤᠭ᠎ᠠ ᠴᠡᠷᠢᠭ ᠠᠩᠬᠢ ᠢᠢ ᠲᠤᠬᠤᠨᠢᠭᠤᠯᠤᠨ | ᠲᠤᠭᠯᠠᠯᠳ᠋ᠠ ᠭᠠᠷᠭᠠᠪᠠ ᠃ | |