ᠱᠠᠭᠳᠠᠷ (1869-1931) | | ᠱᠠᠭᠳᠠᠷ ᠂ ᠡᠷᠡᠭᠲᠡᠶ ᠂ ᠮᠣᠩᠭᠣᠯ ᠦᠨᠳᠦᠰᠦᠲᠡᠨ ᠂ 1869 ᠣᠨ ᠳᠤ | ᠪᠠᠭᠠᠷᠢᠨ ᠪᠠᠷᠠᠭᠤᠨ ᠭᠠᠷᠤᠨ ᠬᠣᠰᠢᠭᠤᠨ ᠤ ᠴᠠᠭᠠᠨᠮᠥ᠋ᠷᠡᠨ ᠤ | ᠬᠥᠪᠡᠭᠡᠨ ᠳᠡᠬᠢ ᠨᠢᠭᠡᠨ ᠮᠠᠯᠴᠢᠨ ᠠᠶᠢᠯ ᠤᠨ ᠭᠡᠷ ᠲᠤ | ᠲᠦᠷᠦᠵᠡᠢ᠃ ᠭᠡᠷ ᠨᠢ ᠶᠠᠳᠠᠭᠤ ᠬᠦᠴᠢᠷᠲᠡᠢ ᠪᠣᠯᠬᠣᠷ 7 ᠨᠠᠰᠤᠲᠠᠶ | ᠳ᠋ᠦ᠋ᠨᠢ ᠡᠴᠢᠭᠡ ᠡᠬᠡ ᠨᠢ ᠪᠠᠭᠠᠷᠢᠨ ᠵᠡᠭᠦᠨ ᠭᠠᠷᠤᠨ | ᠬᠣᠰᠢᠭᠤᠨ ᠤ ᠭᠢᠯᠪᠡᠷ ᠵᠤᠤ ᠳᠤ ᠯᠠᠮᠠ ᠪᠣᠯᠭᠠᠵᠠᠢ ᠃ | ᠲᠡᠷᠡ ᠲᠥᠷᠥᠯᠬᠢ ᠣᠢ ᠪᠢᠯᠢᠭ ᠰᠠᠶᠢᠲᠠᠢ᠂ ᠰᠡᠴᠡᠨ ᠰᠡᠷᠭᠦᠯᠡᠩ | ᠪᠠᠶᠢᠵᠠᠢ᠃ ᠥᠭᠡᠯᠡᠢ ᠪᠣᠯᠵᠤ ᠬᠠᠷᠠᠴᠠ ᠨᠢ ᠥᠷᠭᠡᠳᠴᠦ᠂ ᠠᠮᠲᠠ | ᠰᠢᠮᠲᠡ ᠦᠭᠡᠢ ᠰᠤᠳᠤᠷ ᠪᠢᠴᠢᠭ ᠢ ᠰᠤᠷᠬᠤ ᠳᠤᠷ᠎ᠠ ᠦᠭᠡᠢ ᠪᠣᠯᠵᠤ᠂ | ᠦᠷᠭᠦᠯᠵᠢ ᠮᠣᠩᠭᠣᠯ ᠦᠨᠳᠦᠰᠦᠲᠡᠨ ᠦ ᠣᠯᠠᠨ ᠲᠦᠮᠡᠨ ᠦ ᠳᠤᠮᠳᠠ | ᠣᠴᠢᠵᠤ ᠦᠯᠢᠭᠡᠷ ᠬᠣᠯᠪᠣᠭ᠎ᠠ ᠰᠣᠨᠣᠰᠴᠤ ᠂ ᠮᠠᠰᠢ ᠣᠯᠠᠨ | ᠠᠷᠠᠳ ᠤᠨ ᠳᠠᠭᠤᠤ ᠂ ᠵᠦᠢᠷ ᠰᠡᠴᠡᠨ ᠦᠭᠡ ᠂ ᠳᠣᠮᠣᠭ ᠦᠯᠢᠭᠡᠷ ᠢ | ᠴᠡᠭᠡᠵᠢᠯᠡᠵᠦ᠂ ᠠᠮᠠᠨ ᠤ ᠠᠶᠠᠰ ᠢᠶᠠᠷ ᠰᠢᠯᠦᠭ ᠪᠠ ᠠᠷᠠᠳ ᠤᠨ | ᠳᠠᠭᠤᠤ ᠨᠠᠶᠢᠷᠠᠭᠤᠯᠵᠤ ᠤᠶᠠᠩᠭᠠᠯᠠᠳᠠᠭ ᠪᠣᠯᠵᠠᠢ᠃ ᠶᠠᠳᠠᠭᠤ | ᠵᠦᠳᠡᠭᠦᠦ ᠮᠠᠯᠴᠢᠳ ᠲᠠᠢ ᠬᠠᠷᠢᠯᠴᠠᠬᠤ ᠳᠤᠮᠳᠠ ᠪᠠᠨ ᠪᠠᠶᠠᠨ | ᠬᠥᠮᠦᠨ ᠶᠠᠳᠠᠭᠤ ᠬᠥᠮᠦᠨ ᠢ ᠳᠠᠷᠤᠯᠠᠨ ᠮᠥᠯᠵᠢᠵᠦ᠂ ᠸᠠᠩ ᠭᠦᠩ | ᠢᠵᠠᠭᠤᠷᠲᠠᠨ ᠬᠤᠲᠤᠭᠲᠤ ᠳ᠋ᠠ ᠯᠠᠮᠠ ᠰᠥᠯᠪᠡᠭᠡᠯᠳᠦᠵᠦ ᠂ ᠬᠡᠭᠡᠯᠢ | ᠬᠠᠬᠤᠤᠯᠢ ᠢᠳᠡᠵᠦ ᠬᠡᠷᠡᠭ ᠪᠤᠷᠤᠭᠤ ᠰᠢᠭᠦᠬᠦ ᠵᠡᠷᠭᠡ | ᠪᠠᠶᠢᠳᠠᠯ ᠢ ᠤᠯᠵᠤ ᠮᠡᠳᠡᠵᠡᠢ᠃ ᠱᠠᠭᠳᠠᠷ ᠮᠠᠭᠤ ᠵᠦᠢᠯ ᠢ ᠦᠵᠡᠨ | ᠶᠠᠳᠠᠬᠤ ᠭᠣᠣᠯᠴᠢ ᠵᠠᠩ ᠪᠠ ᠨᠤᠭᠤᠷᠠᠰᠢ ᠦᠭᠡᠢ ᠲᠡᠮᠡᠴᠡᠬᠦ | ᠵᠣᠷᠢᠭ ᠰᠠᠨᠠᠭ᠎ᠠ ᠲᠠᠶ ᠪᠠᠶᠢᠵᠠᠢ᠃ ᠲᠡᠷᠡ ᠸᠠᠩ ᠭᠦᠩ ᠂ ᠨᠣᠶᠠᠳ | ᠲᠦᠰᠢᠮᠡᠳ ᠤᠨ ᠬᠠᠷ᠎ᠠ ᠬᠣᠣᠷᠲᠠᠶ ᠪᠠ ᠵᠢᠰᠤᠷ ᠵᠠᠯᠢᠬᠠᠶ ᠶᠢ | ᠵᠢᠭᠰᠢᠨ ᠂ ᠬᠤᠲᠤᠭᠲᠤ ᠳ᠋ᠠ ᠯᠠᠮᠠ ᠶᠢᠨ ᠬᠣᠪᠳᠣᠭ ᠰᠢᠨᠤᠬᠠᠢ ᠪᠠ | ᠬᠣᠶᠠᠷ ᠨᠢᠭᠤᠷᠯᠠᠬᠤ ᠶᠢ ᠵᠢᠭᠰᠢᠵᠦ ᠂ ᠶᠠᠳᠠᠭᠤ ᠵᠦᠳᠡᠭᠦᠦ | ᠮᠠᠯᠴᠢᠳ ᠪᠠ ᠳᠤᠤᠷᠠᠳᠤ ᠳᠠᠪᠬᠤᠷᠭ᠎ᠠ ᠶᠢᠨ ᠯᠠᠮᠠ ᠨᠠᠷ ᠤᠨ | ᠵᠣᠪᠠᠯᠠᠩ ᠵᠦᠳᠡᠭᠦᠷᠢ ᠪᠣᠯᠤᠨ ᠠᠵᠠ ᠪᠤᠰᠤ ᠶᠢ ᠥᠷᠥ ᠡᠪᠡᠳᠴᠦ | ᠪᠠᠶᠢᠵᠠᠢ᠃ ᠲᠣᠮᠣ ᠪᠣᠯᠤᠭᠰᠠᠨ ᠤ ᠪᠠᠨ ᠰᠡᠭᠦᠯᠡᠷ᠂ ᠲᠡᠷᠡ ᠨᠡᠩ | ᠵᠣᠷᠢᠭᠲᠠᠢ ᠪᠠᠷ ᠰᠦᠮ᠎ᠡ ᠬᠡᠶᠢᠳ ᠦᠨ ᠳᠡᠭᠡᠳᠦ | ᠳᠠᠪᠬᠤᠷᠭ᠎ᠠ ᠶᠢᠨ ᠯᠠᠮᠠ ᠨᠠᠷ ᠢ ᠢᠯᠡᠴᠢᠯᠡᠨ ᠬᠣᠱᠣᠩᠨᠠᠵᠤ | ᠲᠠᠰᠤᠷᠠᠯᠲᠠ ᠦᠭᠡᠢ ᠲᠡᠮᠡᠴᠡᠯ ᠬᠢᠵᠡᠢ᠃ ᠬᠠᠷᠭᠢᠰ ᠬᠡᠷᠴᠡᠭᠡᠶ | ᠳ᠋ᠠ ᠯᠠᠮᠠ ᠱᠠᠭᠳᠠᠷ ᠢ ᠶᠠᠰᠤᠨ ᠳᠠᠭᠠᠨ ᠣᠷᠣᠳᠠᠯ᠎ᠠ | ᠬᠣᠷᠣᠰᠴᠤ᠂《 ᠬᠡᠯᠡ ᠬᠣᠩᠰᠢᠶᠠᠷ ᠳᠠᠭᠠᠨ ᠲᠦᠰᠢᠭᠯᠡᠵᠦ᠂ | ᠪᠤᠷᠬᠠᠨ ᠪᠠᠭᠰᠢ ᠶᠢᠨ ᠠᠷᠢᠭᠤᠨ ᠲᠠᠷᠬᠠᠨ ᠢ ᠭᠤᠲᠤᠭᠠᠯᠠ》 | ᠭᠡᠵᠦ ᠂ ᠲᠡᠭᠦᠨ ᠢ ᠰᠦᠮ᠎ᠡ ᠶᠢᠨ ᠳᠤᠭᠠᠩ ᠳᠤ ᠠᠪᠠᠴᠢᠵᠤ ᠬᠠᠷ᠎ᠠ | ᠬᠣᠣᠷᠲᠠᠶ ᠪᠠᠷ ᠵᠣᠳᠣᠳᠠᠭ ᠪᠠᠶᠢᠵᠠᠶ ᠃ ᠱᠠᠭᠳᠠᠷ ᠴᠣᠬᠢᠭᠳᠠᠭᠠᠳ | ᠪᠠᠭᠤᠵᠤ ᠥᠭᠭᠦᠭᠰᠡᠨ ᠦᠭᠡᠢ᠂ ᠬᠠᠷᠢᠨ ᠬᠢᠯᠢᠩᠨᠡᠨ ᠄ | ᠠᠷᠢᠭᠤᠨ ᠳᠠᠷᠬᠠᠨ ᠪᠤᠷᠬᠠᠨ ᠤ ᠳᠤᠭᠠᠩ ᠶᠠᠮᠤᠨ ᠤ ᠲᠢᠩᠬᠢᠮ | ᠪᠣᠯᠵᠠᠢ | ᠰᠠᠬᠢᠯ ᠠᠪᠤᠭᠰᠠᠨ ᠪᠤᠷᠬᠠᠨ ᠯᠠᠮᠠ ᠠᠮᠢᠳᠤ ᠡᠷᠯᠢᠭ ᠪᠣᠯᠵᠠᠢ | ᠱᠠᠭᠳᠠᠷ ᠮᠢᠨᠤ ᠪᠡᠶ᠎ᠡ ᠲᠡᠳᠡᠨ ᠦ ᠪᠤᠵᠠᠷ ᠭᠡᠮ ᠢ | ᠢᠯᠡᠴᠢᠯᠡᠬᠦᠶᠡ | ᠥᠷᠥᠰᠢᠶᠡᠯ ᠶᠡᠬᠡᠲᠦ ᠪᠤᠷᠬᠠᠨ ᠤ ᠡᠮᠦᠨ᠎ᠡ ᠠᠷᠢᠭᠤᠨ ᠴᠢᠰᠤ | ᠰᠢᠳᠠᠮ ᠢ ᠪᠣᠳᠣᠭᠯᠠᠪᠠᠢ | ᠭᠡᠵᠦ ᠳᠠᠭᠤᠯᠠᠵᠠᠢ᠃ | 1902 ᠣᠨ ᠪᠣᠯᠬᠤ ᠳᠤ ᠱᠠᠭᠳᠠᠷ 34 ᠨᠠᠰᠤᠯᠠᠵᠤ ᠰᠦᠮ᠎ᠡ ᠡᠴᠡ | ᠭᠠᠷᠴᠤ ᠶᠠᠪᠤᠬᠤ ᠠᠴᠠ ᠡᠮᠦᠨ᠎ᠡ᠂ ᠶᠡᠷᠦ ᠨᠢ ᠲᠠᠰᠤᠷᠠᠯᠲᠠ ᠦᠭᠡᠢ | ᠬᠣᠯᠪᠣᠭ᠎ᠠ ᠰᠢᠯᠦᠭ ᠠᠷᠠᠳ ᠤᠨ ᠳᠠᠭᠤᠤ ᠨᠠᠶᠢᠷᠠᠭᠤᠯᠤᠨ | ᠳᠠᠭᠤᠯᠠᠵᠤ ᠸᠠᠩ ᠭᠦᠩ ᠂ ᠲᠠᠢᠢᠵᠢ ᠪᠠ ᠳ᠋ᠠ ᠯᠠᠮᠠ ᠨᠠᠷ ᠢ | ᠢᠯᠡᠴᠢᠯᠡᠨ ᠬᠣᠱᠣᠩᠨᠠᠵᠤ ᠲᠣᠭ᠎ᠠ ᠲᠣᠮᠰᠢ ᠦᠭᠡᠢ ᠠᠷᠪᠢᠨ | ᠴᠣᠬᠢᠭᠳᠠᠭᠰᠠᠭᠠᠷ ᠢᠷᠡᠵᠡᠢ᠃ ᠲᠤᠰ ᠵᠢᠯ ᠳᠦ ᠭᠢᠯᠪᠡᠷ ᠵᠤᠤ | ᠦᠪᠡᠳᠡᠭᠰᠢ ᠶᠡᠬᠡ《ᠳᠥᠷᠪᠡᠳᠦᠭᠡᠷ ᠰᠠᠷ᠎ᠠ ᠶᠢᠨ ᠰᠦᠮ᠎ᠡ ᠶᠢᠨ | ᠴᠤᠭᠯᠠᠭᠠᠨ 》 ᠡᠷᠬᠢᠯᠡᠵᠦ ᠂ ᠵᠤᠤ ᠤᠳᠠ ᠠᠶᠢᠮᠠᠭ ᠤᠨ 11 ᠬᠣᠰᠢᠭᠤ | ᠵᠠᠰᠠᠭ ᠡᠴᠡ ᠡᠭᠡᠯ ᠵᠢᠷ ᠦᠨ ᠠᠷᠠᠳ ᠬᠦᠷᠲᠡᠯ᠎ᠡ ᠪᠦᠷ ᠬᠤᠷᠠᠯ ᠳᠤ | ᠴᠤᠭᠯᠠᠷᠠᠵᠠᠢ᠂ ᠲᠡᠷᠡ ᠪᠠᠶᠢᠲᠤᠭᠠᠶ ᠦᠵᠦᠮᠦᠴᠢᠨ ᠵᠠᠰᠠᠭ ᠴᠦ | ᠰᠦᠮ᠎ᠡ ᠶᠢᠨ ᠬᠤᠷᠠᠯ ᠳᠤ ᠬᠦᠷᠦᠯᠴᠡᠨ ᠢᠷᠡᠵᠡᠢ᠃ ᠬᠣᠰᠢᠭᠤ | ᠵᠠᠰᠠᠭ ᠡᠴᠡ ᠰᠦᠮ᠎ᠡ ᠬᠡᠶᠢᠳ ᠦᠨ ᠬᠦᠵᠢ ᠵᠤᠯᠠ ᠥᠷᠨᠢᠭᠦᠨ | ᠪᠠᠶᠢᠬᠤ ᠶᠢ ᠮᠠᠭᠲᠠᠨ ᠰᠠᠶᠢᠰᠢᠶᠠᠬᠤ ᠦᠶᠡᠰ ᠂ ᠱᠠᠭᠳᠠᠷ ᠬᠠᠷᠢᠨ | ᠥᠨᠳᠥᠷ ᠳᠠᠭᠤᠨ ᠢᠶᠠᠷ᠄ | ᠪᠠᠭᠠᠷᠢᠨ ᠨᠤᠲᠤᠭ ᠤᠨ ᠭᠣᠶᠢᠳᠠ ᠰᠦᠮ᠎ᠡ ᠳ᠋ᠤᠷ | ᠴᠢᠯᠠᠭᠤᠨ ᠪᠤᠷᠬᠠᠨ ᠰᠢᠳᠢᠲᠦ ᠬᠠᠳᠠ ᠶᠢ ᠲᠦᠰᠢᠵᠦ᠂ | ᠴᠠᠭ ᠴᠠᠭ ᠤᠨ ᠰᠦᠮ᠎ᠡ ᠶᠢᠨ ᠴᠤᠭᠯᠠᠭᠠᠨ ᠵᠢᠯ ᠡᠴᠡ ᠵᠢᠯ | ᠬᠦᠭᠵᠢᠶᠡᠨᠲᠡᠢ | ᠣᠳᠣ ᠬᠠᠷᠢᠨ ᠡᠷᠯᠢᠭ ᠦᠨ ᠭᠠᠵᠠᠷ ᠪᠤᠯᠵᠤ ᠶᠠᠯ᠎ᠠ ᠨᠢᠭᠦᠯ ᠢᠶᠡᠷ | ᠳᠦᠭᠦᠷᠴᠦᠬᠦᠢ᠃ | ᠡᠴᠢᠭᠡ ᠲᠩᠷᠢ ᠢᠪᠡᠭᠡᠯ ᠦᠭᠡᠢ ᠪᠣᠯᠵᠠᠢ | ᠡᠬᠡ ᠳᠡᠯᠡᠬᠡᠢ ᠥᠷᠥᠰᠢᠶᠡᠯ ᠦᠭᠡᠢ ᠪᠣᠯᠵᠠᠢ᠂ | ᠡᠨᠡᠷᠢᠩᠭᠦᠢ ᠠᠷᠢᠶᠠᠪᠠᠯᠤ ᠠᠪᠤᠷᠠᠯ ᠦᠭᠡᠢ ᠪᠣᠯᠵᠠᠢ | ᠡᠷᠬᠡ ᠪᠠᠷᠢᠭᠰᠠᠨ ᠨᠣᠶᠠᠳ ᠬᠠᠤᠯᠢ ᠦᠭᠡᠢ ᠪᠤᠯᠵᠠᠢ᠃ | ᠥᠩᠭᠡ ᠮᠥᠩᠭᠥ ᠬᠣᠶᠠᠷ ᠨᠡᠶᠢᠯᠡᠭᠡᠳ | ᠦᠨᠡᠨ ᠢᠶᠡᠨ ᠣᠯᠬᠤ ᠦᠭᠡᠢ ᠪᠣᠯᠪᠠ᠂ | ᠨᠣᠶᠠᠳ ᠪᠠᠶᠠᠳ ᠨᠡᠶᠢᠯᠡᠭᠡᠳ | ᠮᠢᠬᠠᠨ ᠰᠢᠷᠡᠭᠡ ᠵᠠᠰᠠᠵᠤ | ᠴᠢᠰᠤᠨ ᠬᠤᠷᠢᠮ ᠲᠠᠯᠪᠢᠵᠤ ᠪᠠᠶᠢᠨ᠎ᠠ︕ | ᠬᠡᠵᠢᠶ᠎ᠡ ᠨᠢᠭᠡ ᠡᠳᠦᠷ | ᠲᠠᠶᠢᠵᠢ ᠨᠢ ᠲᠠᠬᠢᠶ᠎ᠠ ᠶᠢ ᠭᠦᠢᠴᠡᠬᠦ ᠦᠭᠡᠢ | ᠨᠣᠶᠠᠳ ᠨᠢ ᠨᠣᠬᠠᠢ ᠶᠢ ᠭᠦᠢᠴᠡᠬᠦ ᠦᠭᠡᠢ ᠪᠣᠯᠬᠤ ᠶᠤᠮ ᠭᠡᠵᠦ | ᠠᠶᠠᠯᠤᠨ ᠳᠠᠭᠤᠯᠠᠪᠠ᠃ | ᠱᠠᠭᠳᠠᠷ ᠳᠠᠭᠤᠯᠠᠬᠤ ᠲᠤᠲᠤᠮ ᠠᠭᠤᠷᠯᠠᠵᠤ ᠂ ᠬᠠᠮᠤᠭ ᠡᠴᠦᠰ ᠲᠤ | ᠬᠣᠶᠠᠷ ᠨᠢᠳᠦ ᠨᠢ ᠤᠯᠠᠶᠢᠵᠤ ᠬᠠᠳᠠᠭᠠᠨᠠᠲᠠᠯ᠎ᠠ ᠢᠨᠢᠶᠡᠭᠡᠳ | ᠵᠣᠭᠰᠣᠬᠤ ᠦᠭᠡᠢ ᠪᠠᠶᠢᠪᠠ᠃ ᠰᠦᠮ᠎ᠡ ᠶᠢᠨ ᠳ᠋ᠡ ᠯᠠᠮᠠ ᠨᠢᠭᠤᠷ | ᠭᠡᠭᠡᠬᠦ ᠡᠴᠡ ᠠᠶᠤᠵᠤ᠂ ᠱᠠᠭᠳᠠᠷ ᠪᠣᠯ ᠰᠣᠯᠢᠶ᠎ᠠ ᠲᠠᠢ ᠯᠠᠮᠠ | ᠭᠡᠵᠦ ᠬᠤᠳᠠᠯ ᠬᠡᠯᠡᠵᠡᠢ᠂ ᠡᠭᠦᠨ ᠡᠴᠡ ᠬᠣᠶᠢᠰᠢ ᠱᠠᠭᠳᠠᠷ | ᠰᠣᠯᠢᠶᠠᠲᠤ ᠬᠣᠯᠠ ᠣᠶᠢᠷ᠎ᠠ ᠶᠢᠨ ᠠᠶᠢᠮᠠᠭ ᠬᠣᠰᠢᠭᠤ ᠳᠦ ᠨᠡᠷ᠎ᠡ | ᠠᠯᠳᠠᠷᠰᠢᠪᠠ ᠃ | ᠱᠠᠭᠳᠠᠷ ᠰᠦᠮ᠎ᠡ ᠡᠴᠡ ᠬᠥᠭᠡᠭᠡᠭᠳᠡᠵᠦ ᠨᠢᠭᠡᠨ ᠬᠠᠪᠴᠢᠭ | ᠡᠭᠦᠷᠭᠡ᠂ ᠬᠣᠶᠠᠷ ᠲᠠᠶᠠᠭ ᠠᠴᠠ ᠥᠭᠡᠷ᠎ᠡ ᠶᠠᠭᠤ ᠴᠦ᠋ | ᠦᠭᠡᠢ《ᠪᠠᠳᠢᠷᠴᠢᠨ ᠯᠠᠮᠠ》ᠪᠣᠯᠵᠤ ᠲᠡᠨᠦᠭᠦᠴᠢᠯᠡᠨ | ᠡᠬᠢᠯᠡᠭᠰᠡᠨ ᠪᠠᠶᠢᠨ᠎ᠠ᠃ ᠬᠠᠭᠠᠷᠠᠵᠤ ᠬᠠᠨᠵᠠᠷᠠᠭᠰᠠᠨ ᠭᠤᠲᠤᠯ | ᠤᠷᠠᠭᠳᠠᠵᠤ ᠴᠤᠭᠤᠷᠤᠭᠰᠠᠨ ᠲᠡᠷᠯᠢᠭ ᠡᠮᠦᠰᠦᠨ᠂ ᠶᠠᠳᠠᠷᠠᠪᠠᠯ | ᠬᠡᠭᠡᠷ᠎ᠡ ᠭᠠᠳᠠᠨ᠎ᠠ ᠤᠨᠲᠠᠵᠤ᠂ ᠤᠶᠢᠳᠪᠠᠯ ᠶᠠᠳᠠᠭᠤ ᠠᠬ᠎ᠠ | ᠳᠡᠭᠦᠦ ᠨᠡᠷ ᠲᠠᠢ ᠬᠠᠮᠲᠤ ᠪᠠᠷ ᠵᠣᠭᠣᠭᠳᠠᠵᠤ᠂ ᠵᠠᠷᠢᠮ ᠳᠠᠭᠠᠨ | ᠪᠠᠶᠠᠨ ᠠᠶᠢᠯ ᠤᠨ ᠭᠡᠷ ᠢᠶᠠᠷ ᠲᠣᠭᠣᠷᠢᠵᠤ᠂ ᠸᠠᠩ ᠤᠨ ᠬᠦᠷᠢᠶ᠎ᠡ | ᠶᠠᠮᠤᠨ ᠳᠤ ᠴᠤ ᠲᠡᠭᠦᠨ ᠦ ᠪᠠᠷ᠎ᠠ ᠬᠠᠷᠠᠭᠳᠠᠳᠠᠭ ᠪᠠᠶᠢᠪᠠ ᠃ | ᠬᠠᠮᠢᠭ᠎ᠠ ᠣᠴᠢᠭᠰᠠᠨ ᠴᠤ ᠲᠡᠳᠡᠭᠡᠷ ᠸᠠᠩ ᠭᠦᠩ ᠂ ᠵᠠᠰᠠᠭ ᠨᠣᠶᠠᠨ | ᠂ ᠳᠡᠭᠡᠳᠦ ᠳᠠᠪᠬᠤᠷᠭ᠎ᠠ ᠶᠢᠨ ᠯᠠᠮᠠ ᠬᠤᠸᠠᠷᠠᠭ ᠢ ᠬᠣᠯᠪᠣᠭ᠎ᠠ | ᠰᠢᠯᠦᠭ ᠢᠶᠠᠷ ᠶᠣᠵᠣᠯᠠᠵᠤ ᠱᠣᠭᠯᠠᠨ ᠢᠯᠡᠴᠢᠯᠡᠵᠦ᠂ ᠶᠠᠳᠠᠭᠤ | ᠠᠷᠠᠳ ᠲᠦᠮᠡᠨ ᠢ ᠬᠠᠯᠠᠭᠤᠨ ᠰᠡᠳᠬᠢᠯ ᠢᠶᠠᠷ ᠮᠠᠭᠲᠠᠨ | ᠳᠠᠭᠤᠯᠠᠵᠤ ᠪᠠᠶᠢᠵᠠᠢ᠃ ᠡᠨᠡ ᠬᠤᠭᠤᠴᠠᠭᠠᠨ ᠳᠤ ᠂ ᠲᠡᠷᠡ ᠰᠦᠮ᠎ᠡ | ᠬᠡᠶᠢᠳ ᠤᠨ ᠳᠣᠲᠣᠭᠠᠳᠤ ᠶᠢᠨ ᠬᠠᠷᠠᠩᠭᠤᠶ ᠪᠠ ᠨᠡᠶᠢᠭᠡᠮ ᠦᠨ | ᠬᠠᠷᠠᠩᠭᠤᠶ ᠶᠢ ᠢᠯᠡᠴᠢᠯᠡᠨ ᠵᠦᠬᠡᠨ ᠬᠠᠷᠢᠶᠠᠵᠤ ᠂ ᠸᠠᠩ ᠭᠦᠩ ᠂ | ᠵᠠᠰᠠᠭ ᠨᠣᠶᠠᠨ ᠬᠦᠴᠦᠷᠬᠡᠭ ᠲᠡᠬᠡᠨ ᠡᠷᠳᠦᠨ ᠪᠠᠭᠤᠷᠠᠶ ᠶᠢ | ᠳᠠᠷᠤᠯᠠᠵᠤ ᠬᠦᠴᠦᠷᠬᠡᠭᠯᠡᠨ ᠪᠤᠯᠢᠶᠠᠬᠤ ᠠᠯᠪᠠᠳᠠᠨ ᠬᠢᠬᠠᠬᠤ | ᠵᠡᠷᠭᠡ ᠠᠵᠢᠯᠯᠠᠭ᠎ᠠ ᠲᠠᠢ ᠡᠷᠡᠰ ᠲᠡᠮᠡᠴᠡᠯ ᠬᠢᠵᠡᠢ᠃ | ᠵᠢᠯ ᠳᠠᠷᠠᠭᠠᠯᠠᠨ ᠲᠡᠨᠦᠭᠦᠴᠢᠯᠡᠬᠦ ᠪᠠ ᠠᠭᠤᠷ | ᠬᠢᠯᠢᠩᠲᠡᠶ ᠡᠴᠡ ᠪᠣᠯᠵᠤ ᠡᠴᠦᠰ ᠲᠡᠬᠡᠨ ᠬᠦᠨᠳᠦ ᠡᠪᠡᠳᠴᠢᠨ ᠳᠤ | ᠨᠡᠷᠪᠡᠭᠳᠡᠵᠡᠢ ᠃ 1931 ᠣᠨ ᠳᠤ ᠱᠠᠭᠳᠠᠷ ᠭᠢᠯᠪᠡᠷ ᠵᠤᠤ ᠳᠦ | ᠡᠪᠡᠳᠴᠢᠨ ᠢᠶᠡᠷ ᠨᠠᠰᠤ ᠪᠠᠷᠠᠵᠠᠶ᠃ ᠬᠡᠳᠦᠶᠢᠪᠡᠷ ᠨᠠᠰᠤ | ᠪᠠᠷᠠᠭᠰᠠᠨ ᠪᠣᠯᠪᠠᠴᠤ ᠲᠡᠭᠦᠨ ᠦ ᠨᠠᠰᠤᠨ ᠲᠤᠷᠰᠢ ᠳᠠᠭᠠᠨ | ᠵᠣᠬᠢᠶᠠᠨ ᠪᠦᠳᠦᠭᠡᠭᠰᠡᠨ ᠲᠡᠳᠡᠭᠡᠷ ᠪᠣᠷᠣᠭᠵᠢᠭᠤᠨ ᠪᠦᠭᠡᠳ ᠭᠦᠨ | ᠤᠬᠠᠭᠠᠨᠯᠢᠭ᠂ ᠲᠡᠮᠡᠴᠡᠯ ᠦᠨ ᠬᠠᠯᠠᠭᠤᠨ ᠰᠡᠳᠬᠢᠯᠭᠡ | ᠪᠢᠯᠬᠠᠭᠰᠠᠨ ᠠᠮᠠᠨ ᠰᠢᠯᠦᠭ ᠨᠢ ᠬᠠᠷᠢᠨ ᠬᠥᠳᠡᠭᠡ ᠨᠤᠲᠤᠭ | ᠳᠡᠭᠡᠷ᠎ᠡ ᠥᠷᠭᠡᠨ ᠢᠶᠡᠷ ᠳᠡᠯᠭᠡᠷᠡᠵᠡᠢ᠃ ᠮᠣᠩᠭᠣᠯ ᠤᠯᠤᠰ᠂ | ᠬᠣᠯᠪᠣᠭᠠᠨ ᠤ ᠭ᠋ᠸᠷᠮᠠᠨ ᠤᠯᠤᠰ᠂ ᠶᠠᠫᠣᠨ ᠵᠡᠷᠭᠡ ᠤᠯᠤᠰ ᠤᠨ | ᠠᠷᠠᠳ ᠤᠨ ᠠᠮᠠᠨ ᠵᠣᠬᠢᠶᠠᠯ ᠤᠨ ᠡᠷᠳᠡᠮᠲᠡᠨ ᠱᠠᠭᠳᠠᠷ ᠤᠨ | ᠬᠠᠮᠢᠶ᠎ᠠ ᠲᠠᠢ ᠰᠤᠳᠤᠯᠭᠠᠨ ᠤ ᠵᠣᠬᠢᠶᠠᠯ ᠨᠡᠶᠢᠲᠡᠯᠡᠵᠦ᠂ | ᠪᠠᠭᠠᠷᠢᠨ ᠤ ᠲ᠂ ᠦᠷᠭᠦᠨ ᠱᠠᠭᠳᠠᠷ ᠤᠨ ᠳᠣᠮᠣᠭ ᠶᠠᠷᠢᠶ᠎ᠠ ᠪᠠ | ᠰᠢᠯᠦᠭ ᠢ ᠴᠤᠭᠯᠠᠭᠤᠯᠬᠤ ᠡᠮᠬᠢᠳᠬᠡᠭᠡᠳ《 ᠱᠠᠭᠳᠠᠷ | ᠰᠣᠯᠢᠶᠠᠲᠤ》ᠭᠡᠳᠡᠭ ᠨᠣᠮ ᠢ ᠨᠠᠶᠢᠷᠠᠭᠤᠯᠵᠤ ᠂ ᠥᠪᠥᠷ | ᠮᠣᠩᠭᠣᠯ ᠤᠨ ᠠᠷᠠᠳ ᠤᠨ ᠬᠡᠪᠯᠡᠯ ᠦᠨ ᠬᠣᠷᠢᠶᠠᠨ ᠠᠴᠠ | ᠬᠡᠪᠯᠡᠭᠦᠯᠦᠭᠰᠡᠨ ᠪᠠᠶᠢᠨ᠎ᠠ ᠃ | |