​ᠤᠯᠠᠭᠠᠨᠬᠠᠳᠠ ᠬᠤᠳᠠ ᠶᠢᠨ ᠪᠡᠬᠡᠵᠢᠩ ᠰᠢ ᠶᠢᠨ ᠪᠦᠯᠬᠦᠮ
ᠨᠡᠶᠢᠲᠡᠯᠡᠭᠰᠡᠨ ᠴᠠᠭ᠄
2024/10/23
    ᠤᠯᠠᠭᠠᠨᠬᠠᠳᠠ ᠬᠤᠳᠠ ᠶᠢᠨ ᠪᠡᠬᠡᠵᠢᠩ ᠰᠢ ᠶᠢᠨ ᠪᠦᠯᠬᠦᠮ ᠨᠢ ᠤᠤᠯ ᠳᠤ ᠪᠠᠨ ᠿᠧᠾᠧ ᠮᠤᠵᠢ ᠶᠢᠨ ᠰᠢ ᠲᠠᠭᠤᠷᠢᠯᠢᠭ ᠤᠨ ᠵᠦᠴᠦᠬᠡ ᠶᠢᠨ ᠲᠤᠷᠰᠢᠯᠲᠠ ᠶᠢᠨ ᠪᠦᠯᠬᠦᠮ ᠤᠨ ᠬᠤᠶᠠᠳᠤᠭᠠᠷ ᠪᠦᠯᠬᠦᠮ ᠪᠠᠶᠢᠪᠠ᠂ 1953 ᠤᠨ ᠤ 5 ᠰᠠᠷ᠎ᠠ ᠶᠢᠨ 1 ᠤ ᠡᠳᠦᠷ ᠪᠠᠶᠢᠭᠤᠯᠤᠭᠳᠠᠵᠤ᠂ ᠴᠤ ᠭᠤᠧᠠᠩ ᠰᠧᠨ ᠪᠦᠯᠬᠦᠮ ᠤᠨ ᠲᠠᠷᠤᠭ᠎ᠠ᠂ ᠬᠤᠧᠠ ᠶᠦᠸᠧ ᠹᠡᠩ ᠲᠡᠳ᠋ ᠲᠠᠷᠤᠭ᠎ᠠ ᠪᠠᠶᠢᠪᠠ᠃ ᠲᠤᠰ ᠵᠢᠯ ᠤᠨ 8 ᠰᠠᠷ᠎ᠠ ᠳᠤ ᠿᠧᠾᠧ ᠮᠤᠵᠢ ᠶᠢᠨ ᠪᠡᠬᠡᠵᠢᠩ ᠰᠢ ᠶᠢᠨ ᠪᠦᠯᠬᠦᠮ ᠬᠡᠵᠤ ᠨᠡᠷ᠎ᠠ ᠬᠠᠯᠠᠪᠠ᠃ 1956 ᠤᠨ ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠳᠤ ᠵᠢᠷᠤᠭᠯᠠᠭᠳᠠᠰᠠᠨ᠎ᠠ ᠵᠤᠤ ᠤᠳᠠ ᠠᠶᠢᠮᠠᠭ ᠤᠨ ᠪᠡᠬᠡᠵᠢᠩ ᠰᠢ ᠶᠢᠨ ᠪᠦᠯᠬᠦᠮ ᠬᠡᠮᠡᠪᠡ᠃ 1983 ᠤᠨ ᠳᠤ ᠨᠡᠷ᠎ᠠ ᠰᠤᠯᠢᠵᠤ ᠤᠯᠠᠭᠠᠨᠬᠠᠳᠠ ᠬᠤᠳᠠ ᠶᠢᠨ ᠪᠡᠬᠡᠵᠢᠩ ᠰᠢ ᠶᠢᠨ ᠪᠦᠯᠬᠦᠮ ᠬᠡᠪᠡ᠃ 1988 ᠤᠨ ᠠᠴᠠ ᠵᠦᠴᠦᠬᠡ ᠶᠢᠨ ᠪᠦᠯᠬᠦᠮ ᠨᠢ ᠲᠠᠭᠠᠭᠠᠴᠢᠯᠠᠨ ᠤᠷᠢᠵᠤ ᠬᠡᠷᠡᠭᠯᠡᠬᠦ ᠲᠦᠷᠢᠮ ᠬᠡᠷᠡᠭᠵᠢᠬᠦᠯᠪᠠ᠃ 1990 ᠤᠨ ᠪᠤᠯᠬᠤ ᠳᠤ 121 ᠲᠤᠭᠯᠠᠭᠴᠢ ᠪᠠ ᠠᠵᠢᠯᠳᠠᠨ ᠲᠠᠢ ᠪᠤᠯᠵᠤ᠂ ᠤᠯᠤᠰ ᠤᠨ ᠬᠤᠶᠠᠳᠤᠭᠠᠷ ᠲᠠᠰ ᠤᠨ ᠲᠤᠭᠯᠠᠭᠴᠢ᠂ ᠤᠳᠤᠷᠢᠳᠤᠭᠠᠴᠢ᠂ ᠬᠦᠭᠵᠢᠮᠴᠢ 18 ᠬᠦᠮᠦᠨ᠂ ᠲᠤᠮᠳᠠ ᠵᠡᠷᠬᠡ ᠶᠢᠨ ᠮᠡᠷᠭᠡᠵᠢᠯ ᠤᠨ ᠴᠤᠯᠠᠳᠠᠨ 45 ᠬᠦᠮᠦᠨ᠂ ᠠᠩᠬ᠎ᠠ ᠵᠡᠷᠬᠡ ᠶᠢᠨ ᠮᠡᠷᠭᠡᠵᠢᠯ ᠤᠨ ᠴᠤᠯᠠᠳᠠᠨ 44 ᠬᠦᠮᠦᠨ ᠪᠠᠶᠢᠪᠠ᠃ᠪᠡᠬᠡᠵᠢᠩ ᠰᠢ ᠶᠢᠨ ᠪᠦᠯᠬᠦᠮ ᠨᠢ ᠲᠠᠪᠢᠭᠠᠳ ᠤᠨ ᠠᠴᠠ ᠵᠢᠷᠠᠭᠠᠳ ᠤᠨ ᠪᠤᠯᠬᠤ ᠬᠤᠭᠤᠴᠠᠭᠠᠨ ᠭᠤᠤᠯᠳᠠᠭᠤ ᠲᠡᠤᠬᠡᠨ ᠰᠡᠳᠦᠪᠳᠦ ᠤᠯᠠᠮᠵᠢᠯᠠᠯᠳᠦ ᠵᠦᠴᠦᠬᠡ ᠲᠤᠭᠯᠠᠵᠤ ᠪᠠᠶᠢᠪᠠ᠃ ᠭᠤᠤᠯ ᠪᠤᠯᠬᠤ ᠲᠦᠯᠦᠬᠡᠯᠡᠬᠦ ᠵᠦᠴᠦᠬᠡ ᠨᠢ ︽ᠴᠤᠧᠠᠩ ᠸᠠᠩ ᠨᠡᠶᠢᠰᠯᠠᠯ ᠳᠤ ᠤᠷᠤᠭᠰᠠᠨ ᠨᠢ︾᠂ ︽ᠮᠧᠢ ᠢᠦᠢ ᠶᠢᠨ ᠬᠤᠪᠢ ᠢᠷᠦᠭᠡᠯ︾᠂ ︽ᠰᠦᠨ ᠪᠢᠨ ᠪᠠ ᠫᠠᠩ ᠵᠢᠤᠸᠠᠨ ᠤᠬᠠᠭᠠᠨ ᠢᠶᠠᠷ ᠲᠡᠮᠡᠴᠡᠯᠳᠦᠭᠰᠡᠨ ᠨᠢ︾᠂ ︽ᠲᠦᠷᠪᠡᠨ ᠡᠷᠡᠮᠡᠬᠡᠢ ᠶᠢᠨ ᠲᠤᠰᠬᠤᠨ︾ ᠪᠤᠯᠤᠨ ᠰᠢᠨ᠎ᠠ ᠪᠠᠷ ᠨᠠᠶᠢᠷᠠᠭᠤᠯᠤᠭᠰᠠᠨ ᠤᠷᠴᠢᠨ ᠦᠶ᠎ᠠ ᠶᠢᠨ ᠵᠦᠴᠦᠬᠡ ︽ᠪᠠᠭᠠᠷᠢᠨ ᠨᠤᠲᠤᠭ ᠤᠨ ᠬᠢᠯᠢᠩ ᠤᠨ ᠭᠠᠯ︾ ᠵᠡᠷᠬᠡ ᠪᠠᠶᠢᠪᠠ    ︽ᠰᠤᠶᠤᠯ ᠤᠨ ᠶᠡᠭᠡ ᠬᠤᠪᠢᠰᠬᠠᠯ︾ ᠤᠨ ᠡᠬᠢᠨ ᠤ ᠦᠶ᠎ᠠ ᠳᠤ ᠲᠤᠭᠯᠠᠯᠳᠠ ᠭᠠᠷᠭᠠᠬᠤ ᠪᠠᠨ ᠵᠤᠭᠰᠤᠵᠤ᠂ ᠲᠤᠭᠯᠠᠭᠴᠢᠳ ︽5.7︾ ᠶᠢᠨ ᠺᠠᠳ᠋ᠷ ᠤᠨ ᠰᠤᠷᠭᠠᠭᠤᠯᠢ ᠳᠤ ᠬᠦᠷᠬᠡᠭᠳᠡᠪᠡ᠃ 1970 ᠤᠨ ᠳᠤ ᠠᠶᠢᠮᠠᠭ ᠤᠨ ᠬᠤᠪᠢᠰᠬᠠᠯ ᠤᠨ ᠵᠦᠪᠯᠡᠯ ᠬᠤᠪᠢᠰᠬᠠᠯᠳᠦ ᠦᠯᠢᠬᠡᠷ ᠲᠠᠭᠤᠷᠢᠶᠠᠯ ᠰᠢ ᠶᠢᠨ ᠰᠤᠷᠤᠯᠴᠠᠬᠤ ᠠᠩᠬᠢ ᠪᠠᠶᠢᠭᠤᠯᠤᠭᠰᠠᠨ ᠢᠶᠠᠷ ᠲᠤᠭᠯᠠᠭᠴᠢᠳ ᠵᠠᠯᠭᠠᠭ᠎ᠠ ᠪᠠᠷ ᠪᠤᠴᠠᠨ ᠢᠷᠡᠵᠤ᠂ ᠵᠦᠴᠦᠬᠡ ᠶᠢᠨ ᠪᠦᠯᠬᠦᠮ ᠨᠢ ᠰᠡᠷᠬᠦᠭᠡᠭᠳᠡᠵᠤ᠂ ᠤᠳᠤ ᠦᠶ᠎ᠠ ᠶᠢᠨ ᠰᠢ ᠶᠢ ᠡᠬᠢᠯᠡᠨ ᠪᠤᠯᠪᠠᠰᠤᠷᠠᠨ ᠲᠤᠭᠯᠠᠪᠠ᠃ ᠡᠨᠡ ᠬᠦ ᠬᠤᠭᠤᠴᠠᠭ᠎ᠠ ᠳᠤ ᠭᠤᠤᠯ ᠲᠤᠭᠯᠠᠵᠤ ᠪᠠᠶᠢᠭᠰᠠᠨ ᠰᠢ ᠨᠢ ︽ᠤᠯᠠᠭᠠᠨ ᠳ᠋ᠧᠩ ᠤᠨ ᠲᠡᠮᠳᠡᠭᠯᠡᠯ︾᠂ ︽ᠪᠤᠭᠤᠷᠤᠯ ᠬᠡᠦᠬᠡᠨ︾᠂ ︽ᠳ᠋ᠦ᠋ ᠵᠢᠤᠧᠠᠨ ᠱᠠᠨ︾᠂ ︽ᠵᠡᠭᠡᠰᠦᠲᠦ ᠠᠷᠠᠯ ᠤᠨ ᠭᠠᠯ ᠤᠨ ᠤᠴᠢ︾᠂ ︽ᠤᠯᠠᠭᠠᠨ ᠬᠠᠳᠠ︾ ᠪᠤᠯᠤᠨ ᠦᠪᠡᠷ ᠢᠶᠠᠨ ᠨᠠᠶᠢᠷᠠᠭᠤᠯᠤᠭᠰᠠᠨ ᠤᠳᠤ ᠦᠶ᠎ᠠ ᠶᠢᠨ ᠰᠢ ︽ᠤᠮᠠᠷᠠᠳᠦ ᠬᠢᠵᠠᠭᠠᠷ ᠤᠨ ᠲᠦᠷᠡᠯᠵᠡᠭᠰᠡᠨ ᠭᠠᠯ︾᠂ ︽ᠲᠠᠯ᠎ᠠ ᠨᠤᠳᠤᠭ ᠤᠨ ᠰᠢᠨ᠎ᠠ ᠬᠠᠭᠤᠳᠠᠰᠦ︾ ᠵᠡᠷᠬᠡ ᠪᠤᠯᠤᠨ᠎ᠠ᠃ᠲᠤᠮᠳᠠᠳᠦ ᠤᠯᠤᠰ ᠤᠨ ᠡᠪ ᠬᠠᠮᠳᠦ ᠨᠠᠮ ᠤᠨ ᠠᠷᠪᠠᠨ ᠨᠢᠬᠡᠳᠦᠬᠡᠷ ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯᠳᠤᠭᠠᠨ ᠠᠴᠠ ᠰᠡᠬᠦᠯᠡᠷ ᠠᠷᠪᠠᠨ ᠵᠢᠯ ᠳᠤ ᠬᠤᠷᠢᠭᠳᠠᠨ ᠬᠦᠯᠢᠶᠠᠰᠤᠯᠡᠭᠳᠡᠵᠤ ᠪᠠᠶᠢᠭᠰᠠᠨ ᠪᠡᠬᠡᠵᠢᠩ ᠰᠢ ᠶᠢᠨ ᠤᠷᠠᠯᠢᠭ ᠰᠡᠷᠬᠦᠨ ᠠᠮᠢᠯᠠᠵᠤ᠂ ᠤᠯᠠᠮᠵᠢᠯᠠᠯᠳᠦ ᠲᠡᠤᠬᠡᠨ ᠰᠢ ᠶᠢ ᠡᠬᠢᠯᠡᠨ ᠲᠤᠭᠯᠠᠪᠠ᠃ᠤᠯᠠᠭᠠᠨᠬᠠᠳᠠ ᠶᠢᠨ ᠪᠡᠬᠡᠵᠢᠩ ᠰᠢ ᠶᠢᠨ ᠪᠦᠯᠬᠦᠮ ᠤᠨ ᠲᠤᠭᠯᠠᠭᠴᠢ ᠶᠢᠨ ᠡᠩᠨᠡᠭᠡ ᠴᠡᠭᠴᠡᠳᠠᠢ᠂ ᠲᠤᠭᠯᠠᠭᠴᠢ ᠶᠢᠨ ᠬᠢᠷᠢ ᠬᠡᠮᠵᠢᠶ᠎ᠠ ᠨᠡᠯᠢᠶᠠᠳ ᠰᠠᠶᠢᠨ ᠪᠠᠶᠢᠪᠠ᠃ ᠰᠦᠨ ᠯᠦᠩ ᠤᠨ ᠲᠤᠭᠯᠠᠭᠰᠠᠨ ︽ᠤᠯᠠᠭᠠᠨ ᠬᠠᠳᠠ︾ ᠳᠠᠬᠢ ᠰᠢᠦᠢ ᠶᠦᠨ ᠹᠧᠩ᠂ ︽ᠪᠤᠭᠤᠷᠤᠯ ᠬᠡᠦᠬᠡᠨ︾ ᠳᠠᠬᠢ ᠶᠠᠩ ᠪᠠᠢ ᠯᠤᠤ᠂ ᠦ᠋ ᠭᠦᠸᠧ ᠿᠦᠢ ᠶᠢᠨ ᠲᠤᠭᠯᠠᠭᠰᠠᠨ ︽ᠤᠮᠠᠷᠠᠳᠦ ᠬᠢᠵᠠᠭᠠᠷ ᠤᠨ ᠲᠦᠷᠡᠯᠵᠡᠭᠰᠡᠨ ᠭᠠᠯ︾ ᠳᠠᠬᠢ ᠪᠠᠭᠠᠳᠤᠷ ᠪᠤᠯᠤᠨ ᠮᠠᠤ ᠴᠠᠩ ᠴᠢᠩ ᠤᠨ ᠲᠤᠭᠯᠠᠭᠰᠠᠨ ᠠᠷᠦ᠋ᠩ ᠵᠡᠷᠬᠡ ᠨᠢ ᠦᠵᠡᠭᠴᠢᠳ ᠲᠤ ᠬᠦᠨ ᠰᠠᠭᠤᠭᠳᠠᠯ ᠦᠯᠡᠳᠡᠬᠡᠵᠤ ᠪᠢᠯᠡ᠃ ᠤᠷᠤᠨ ᠨᠤᠳᠤᠭ ᠤᠨ ᠤᠨᠴᠠᠯᠢᠭ ᠪᠠ ᠦᠨᠳᠤᠰᠤᠳᠠᠨ ᠤ ᠦᠩᠬᠡ ᠪᠤᠳᠤᠭ ᠲᠠᠢ ᠤᠷᠴᠢᠨ ᠦᠶ᠎ᠠ ᠶᠢᠨ ᠪᠡᠬᠡᠵᠢᠩ ᠰᠢ ︽ᠪᠠᠭᠠᠷᠢᠨ ᠨᠤᠲᠤᠭ ᠤᠨ ᠬᠢᠯᠢᠩ ᠤᠨ ᠭᠠᠯ︾ ᠨᠢ 1960 ᠤᠨ ᠳᠤ ᠪᠦᠬᠦ ᠤᠯᠤᠰ ᠤᠨ ᠤᠳᠤ ᠦᠶ᠎ᠠ ᠶᠢᠨ ᠰᠢ ᠶᠢᠨ ᠦᠵᠡᠭᠦᠯᠭᠡ ᠶᠢᠨ ᠬᠠᠮ ᠲᠤᠭᠯᠠᠯᠳᠠ ᠳᠤ ᠤᠷᠤᠯᠴᠠᠭᠠᠳ ᠶᠠᠬᠡᠬᠡᠨ ᠪᠦᠳᠦᠮᠵᠢ ᠲᠠᠢ ᠪᠤᠯᠪᠠ᠃ ᠤᠯᠠᠭᠠᠨᠬᠦᠦ᠂ ᠶᠠᠩ ᠵᠢᠩ ᠿᠧᠨ᠂ ᠯᠢᠦ ᠴᠦᠨ᠂ ᠰᠠ ᠺᠦᠩ ᠯᠢᠶᠤᠤ ᠨᠠᠷ ᠦᠵᠡᠬᠡᠳ ᠦᠨᠳᠦᠷ ᠦᠨᠡᠯᠡᠯᠳᠡ ᠦᠭᠬᠦᠭᠰᠡᠨ ᠪᠠᠶᠢᠨ᠎ᠠ᠃    ᠨᠠᠶᠠᠭᠠᠳ ᠤᠨ ᠠᠴᠠ ᠰᠡᠬᠦᠯᠡᠷ ᠺᠢᠨᠣ᠋ ᠲᠧᠯᠧᠢᠰ ᠤᠨ ᠦᠢᠯᠡᠰ ᠦᠳᠲᠡᠷ ᠲᠦᠷᠬᠡᠨ ᠬᠦᠭᠵᠢᠬᠦ ᠶᠢ ᠲᠠᠭᠠᠯᠳᠤᠨ ᠦᠵᠡᠭᠴᠢᠳ ᠤᠨ ᠪᠦᠷᠢᠯᠳᠤᠴᠠ᠂ ᠰᠤᠨᠢᠷᠬᠠᠯ ᠤᠨ ᠦᠵᠡᠯᠳᠡ ᠬᠤᠪᠢᠷᠠᠭᠰᠠᠨ ᠢᠶᠠᠷ ᠪᠡᠬᠡᠵᠢᠩ ᠰᠢ ᠶᠢᠨ ᠲᠤᠭᠯᠠᠯᠳᠠ ᠡᠳᠦᠷ ᠲᠤᠳᠤᠮ ᠴᠦᠬᠡᠷᠡᠪᠡ᠂ 1990 ᠤᠨ ᠪᠤᠯᠬᠤ ᠳᠤ ᠰᠢ ᠶᠢᠨ ᠪᠦᠯᠬᠦᠮ ᠨᠢ ᠦᠪᠡᠷ ᠢᠶᠠᠨ ᠨᠠᠶᠢᠷᠠᠭᠤᠯᠤᠭᠰᠠᠨ 13 ᠵᠦᠴᠦᠬᠡ᠂ ᠰᠢᠯᠵᠢᠬᠦᠯᠵᠤ ᠲᠤᠭᠯᠠᠭᠰᠠᠨ ᠪᠠ ᠦᠬᠡᠷᠡᠴᠢᠯᠡᠭᠰᠡᠨ ᠵᠦᠴᠦᠬᠡ 51 ᠲᠤᠭᠯᠠᠵᠠᠢ᠃ ᠦᠪᠡᠷᠳᠡᠬᠡᠨ ᠵᠠᠰᠠᠬᠤ ᠤᠷᠤᠨ ᠠᠴᠠ ᠲᠡᠬᠡᠭᠰᠢᠬᠢ ᠡᠯ᠎ᠠ ᠲᠦᠷᠦᠯ ᠤᠨ ᠨᠡᠶᠢᠳᠡ ᠶᠢᠨ ᠱᠠᠩᠨᠠᠯ ᠢ 10 ᠤᠳᠠᠭ᠎ᠠ ᠤᠯᠵᠤ᠂ 9 ᠬᠦᠮᠦᠨ ᠤᠯᠤᠰ ᠤᠨ ᠲᠡᠰ ᠤᠨ ᠱᠠᠩᠨᠠᠯ ᠤᠯᠵᠤ᠂ 40 ᠬᠦᠮᠦᠨ ᠤᠷᠤᠨ ᠤ ᠲᠡᠰ ᠤᠨ ᠱᠠᠩᠨᠠᠯ ᠤᠯᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ