ᠭᠤᠤ ᠴᠢᠶᠤᠤ
  
2024/10/25
    ᠭᠤᠤ ᠴᠢᠶᠤᠤ︵1914 -1944︶     ᠭᠤᠤ ᠴᠢᠶᠤᠤ ᠂ ᠡᠷᠡᠭᠲᠡᠶ ᠂ ᠬᠢᠲᠠᠳ ᠦᠨᠳᠦᠰᠦᠲᠡᠨ᠂ ᠡᠪ ᠬᠠᠮᠲᠤ ᠨᠠᠮ ᠤᠨ ᠭᠡᠰᠢᠭᠦᠨ ᠃ ᠤᠤᠯ ᠨᠡᠷ᠎ᠡ ᠨᠢ  ᠭᠤᠤ ᠮᠢᠩ ᠬᠠᠶ ᠭᠡᠳᠡᠭ ᠂ ᠡᠷᠭᠦᠭᠰᠡᠨ ᠨᠡᠷ᠎ᠡ ᠵᠢᠩ ᠲᠢᠶᠠᠨ ᠭᠡᠳᠡᠭ ᠃  ᠭᠤᠤ ᠴᠢᠶᠤᠤ᠂ ᠰᠤ᠋ ᠷᠠᠨ᠂ ᠰᠢᠥᠢ ᠸᠧᠨ ᠯᠢᠶᠠᠩ ᠭᠡᠵᠦ ᠨᠡᠷ᠎ᠡ ᠪᠤᠷᠤᠭᠤᠯᠠᠵᠤ ᠥᠩᠭᠡᠷᠡᠵᠡᠢ᠃     1914 ᠣᠨ ᠳᠤ ᠡᠳᠦᠷ ᠯᠢᠶᠣᠤᠨᠢᠩ ᠮᠤᠵᠢ ᠶᠢᠨ ᠯᠢᠶᠤᠤᠶᠠᠩ ᠰᠢᠶᠠᠨ ( ᠣᠳᠣ ᠶᠢᠨ ᠯᠢᠶᠤᠤᠶᠠᠩ ᠬᠤᠳᠠ  ) ᠳᠤ ᠲᠥᠷᠥᠵᠡᠢ ᠂  ᠪᠠᠯᠴᠢᠷ ᠨᠠᠰᠤᠨ ᠠᠴᠠ ᠪᠠᠨ  ᠡᠴᠢᠭᠡ ᠪᠡᠨ ᠳᠠᠭᠠᠵᠤ ᠹᠸᠡᠭᠲ᠋ᠢᠶᠠᠨ ᠳᠤ ᠨᠡᠭᠦᠵᠦ ᠰᠠᠭᠤᠷᠢᠰᠢᠵᠠᠢ ᠃ 《 ᠶᠢᠰᠦᠳᠦᠭᠡᠷ ᠰᠠᠷ᠎ᠠ ᠶᠢᠨ ᠠᠷᠪᠠᠨ ᠨᠠᠶᠮᠠᠨ 》 ᠤ ᠬᠡᠷᠡᠭ ᠬᠤᠪᠢᠰᠤᠯ ᠤᠨ ᠳᠠᠷᠠᠭ᠎ᠠ ᠶᠠᠫᠣᠨ ᠤ ᠡᠵᠡᠷᠬᠡᠭ ᠲᠦᠷᠢᠮᠡᠭᠡᠶᠢᠳᠡᠨ ᠵᠡᠭᠦᠨ ᠬᠣᠶᠢᠲᠤ ᠣᠷᠣᠨ ᠢ ᠲᠦᠷᠢᠮᠡᠬᠡᠶᠢᠯᠡᠨ ᠡᠵᠡᠯᠡᠵᠡᠢ᠃ ᠭᠤᠤ ᠴᠢᠶᠤᠤ ᠬᠠᠷᠢ ᠶᠢᠨ ᠪᠤᠭᠤᠯ ᠪᠣᠯᠬᠤ ᠳᠤᠷ᠎ᠠ ᠦᠭᠡᠢ ᠪᠠᠶᠢᠵᠤ ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠪᠠᠨ ᠲᠡᠭᠦᠰᠬᠦ ᠡᠴᠡ ᠡᠮᠦᠨ᠎ᠡ ᠾᠸᠪᠸᠢ ᠮᠤᠵᠢ ᠶᠢᠨ ᠵᠡᠭᠦᠨ ᠬᠡᠰᠡᠭ ᠢᠶᠠᠷ ᠤᠯᠤᠰ ᠢᠶᠠᠨ ᠠᠪᠤᠷᠠᠬᠤ ᠵᠠᠮ ᠮᠥᠷ ᠢ ᠬᠠᠶᠢᠵᠠᠢ᠃ 1934 ᠣᠨ ᠳᠤ ᠯᠦᠸᠧᠶᠠᠩ ‍ᠳ᠋ᠥ ᠬᠦᠷᠴᠦ ᠴᠡᠷᠢᠭ ᠦᠨ ᠣᠹᠢᠼᠧᠷ ᠦᠨ ᠳᠥᠷᠪᠡᠳᠦᠭᠡᠷ ᠬᠤᠭᠤᠴᠠᠭ᠎ᠠ ᠶᠢᠨ ᠠᠩᠭᠢ ᠳᠤ ᠰᠤᠷᠤᠯᠴᠠᠵᠠᠢ᠃ ᠰᠤᠷᠤᠯᠭ᠎ᠠ ᠲᠡᠭᠦᠰᠦᠭᠰᠡᠨ ᠦ ᠲᠠᠷᠠᠭ᠎ᠠ᠂ ᠭᠣᠮᠢᠨᠳᠠᠩ ᠤᠨ ᠴᠡᠷᠢᠭ  ᠠᠩᠭᠢ ᠳᠤ ᠣᠴᠢᠵᠤ ᠲᠤᠰᠢᠶᠠᠯ ᠡᠭᠦᠷᠭᠡᠯᠡᠭᠰᠡᠨ ᠦᠭᠡᠢ ᠬᠠᠷᠢᠨ ᠡᠾᠸᠪᠸᠢ ᠵᠢᠨ ᠵᠡᠭᠦᠨ ᠬᠡᠰᠡᠭ ᠤᠨ ᠪᠣᠭᠣᠮᠲᠠ ( ᠲᠠᠩᠱᠠᠨ ) ᠳᠤ ᠬᠥᠯᠥᠰᠦᠨ ᠠᠵᠢᠯᠲᠠᠨ ᠬᠢᠵᠡᠢ ᠃     1938 ᠣᠨ ᠤ ᠡᠬᠢ ᠪᠡᠷ  ᠭᠤᠤ ᠴᠢᠶᠤᠤ ᠪᠣᠯᠤᠨ ᠬᠠᠭᠤᠷᠮᠠᠭ ᠾᠸᠪᠸᠢ ᠮᠤᠵᠢ ᠶᠢᠨ ᠵᠡᠭᠦᠨ ᠬᠡᠰᠡᠭ ᠲᠡᠬᠢ ᠡᠪ ᠬᠠᠮᠲᠤ ᠨᠠᠮ ᠢ ᠰᠡᠷᠭᠡᠶᠢᠯᠡᠬᠦ ᠥᠪᠡᠷᠲᠡᠭᠡᠨ ᠵᠠᠰᠠᠬᠤ ᠵᠠᠰᠠᠭ ᠤᠨ ᠣᠷᠳᠣᠨ ᠤ ᠴᠠᠭᠳᠠᠭᠠᠨ ᠤ ᠶᠠᠪᠤᠳᠠᠯ ᠤᠨ ᠲᠢᠩᠬᠢᠮ ᠦᠨ ᠰᠠᠯᠠᠭᠠᠨ ᠳᠠᠷᠤᠭ᠎ᠠ ᠵᠦ ᠰᠢᠨ ᠲᠤᠤ ( ᠳᠤᠮᠳᠠᠳᠤ ᠤᠯᠤᠰ ᠤᠨ ᠡᠪ ᠬᠠᠮᠲᠤ ᠨᠠᠮ ᠤᠨ ᠨᠢᠭᠤᠴᠠ ᠭᠡᠰᠢᠭᠦᠨ ) ᠲᠠᠢ ᠬᠠᠷᠢᠯᠴᠠᠬᠤ ᠳᠤᠮᠳᠠ ᠪᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠾᠸᠪᠸᠢ ᠮᠤᠵᠢ ᠶᠢᠨ ᠨᠠᠮ ᠤᠨ ᠬᠣᠷᠢᠶᠠᠨ ᠤ ᠤᠳᠤᠷᠢᠳᠬᠤ ᠬᠥᠮᠦᠰ ᠦᠨ ᠨᠢᠭᠡ ᠪᠣᠯᠬᠤ ᠯᠢ ᠴᠦ ᠯᠢ ᠲᠠᠢ ᠲᠠᠨᠢᠯᠴᠠᠵᠤ᠂  ᠲᠡᠷᠡ ᠦᠶ᠎ᠡ ᠡᠴᠡ ᠡᠬᠢᠯᠡᠨ ᠨᠠᠮ ᠤᠨ ᠲᠥᠯᠥᠭᠡ ᠪᠠᠭ᠎ᠠ ᠰᠠᠭ᠎ᠠ  ᠠᠵᠢᠯ ᠬᠢᠵᠦ ᠡᠬᠢᠯᠡᠵᠡᠢ᠃ ᠲᠤᠰ ᠵᠢᠯ  ᠳ᠋ᠦ᠋ᠨᠢ ᠯᠢ ᠴᠦ ᠯᠢ ᠶᠢᠨ ᠲᠠᠨᠢᠯᠴᠠᠭᠤᠯᠭ᠎ᠠ ᠪᠠᠷ ᠳᠤᠮᠳᠠᠳᠤ ᠤᠯᠤᠰ ᠤᠨ ᠡᠪ ᠬᠠᠮᠲᠤ ᠨᠠᠮ ᠳᠤ ᠡᠯᠰᠡᠭᠳᠡᠵᠡᠢ᠃ 7 ᠰᠠᠷ᠎ᠠ ᠳᠤ ᠵᠣᠬᠢᠶᠠᠨ ᠪᠠᠶᠢᠭᠤᠯᠤᠯᠲᠠ ᠶᠢᠨ ᠱᠠᠭᠠᠷᠳᠠᠯᠭ᠎ᠠ ᠶᠣᠰᠣᠭᠠᠷ ᠂ ᠲᠡᠷᠡ ᠠᠭᠤᠯᠠ ᠤᠰᠤ ᠶᠢ ᠲᠤᠭᠤᠯᠵᠤ ᠯᠢ ᠶᠦᠨ ᠴᠠᠩ ᠢ ᠡᠷᠢᠵᠦ ᠣᠯᠣᠨ᠂ ᠾᠸᠪᠸᠢ ᠵᠢᠨ ᠵᠡᠭᠦᠨ ᠬᠡᠰᠡᠭ ᠦᠨ ᠶᠠᠫᠣᠨ ᠢ ᠡᠰᠡᠷᠭᠦᠴᠡᠬᠦ ᠵᠡᠪᠰᠡᠭᠲᠦ ᠪᠣᠰᠣᠯᠭ᠎ᠠ ᠳᠤ ᠣᠷᠣᠯᠴᠠᠵᠤ ᠂ ᠤᠷᠢᠳᠠᠪᠠᠷ ᠶᠠᠫᠣᠨ ᠢ ᠡᠰᠡᠷᠭᠦᠴᠡᠬᠦ ᠬᠣᠯᠪᠣᠭᠠᠲᠤ ᠴᠡᠷᠢᠭ ᠦᠨ ᠰᠧᠯᠢᠩᠪᠦ᠋ ᠶᠢᠨ ᠳᠣᠲᠣᠷ᠎ᠠ ᠪᠠᠶᠢᠯᠳᠤᠭᠠᠨ ᠤ ᠱᠲ᠋ᠠᠪᠴᠢ ᠶᠢᠨ ᠲᠤᠰᠢᠶᠠᠯ ᠬᠠᠷᠢᠭᠤᠴᠠᠵᠤ ᠪᠠᠶᠢᠪᠠ ᠂ ᠰᠡᠭᠦᠯᠡᠷ ᠨᠢ ᠪᠠᠰᠠ ᠲᠠᠪᠤᠳᠤᠭᠠᠷ ᠶᠡᠷᠦᠩᠬᠡᠶ ᠠᠩᠭᠢ ᠶᠢᠨ ᠳᠡᠳ᠋ ᠱᠲ᠋ᠠᠪ ᠤᠨ ᠳᠠᠷᠤᠭ᠎ᠠ ᠂ ᠲᠠᠪᠤᠳᠤᠭᠠᠷ ᠳᠤᠮᠳᠠ ᠠᠩᠭᠢ ᠶᠢᠨ ᠳᠠᠷᠤᠭ᠎ᠠ ᠪᠣᠯᠵᠠᠶ ᠃      ᠾᠸᠪᠸᠢ ᠵᠢᠨ ᠵᠡᠭᠦᠨ ᠬᠡᠰᠡᠭ  ᠲᠤ ᠶᠠᠫᠣᠨ ᠢ ᠡᠰᠡᠷᠭᠦᠴᠡᠬᠦ ᠪᠣᠰᠣᠯᠭ᠎ᠠ ᠭᠠᠷᠭᠠᠭᠰᠠᠨ ᠤ ᠳᠠᠷᠠᠭ᠎ᠠ ᠂ ᠶᠠᠫᠣᠨ ᠴᠡᠷᠢᠭ ᠪᠠ ᠬᠠᠭᠤᠷᠮᠠᠭ ᠴᠡᠷᠢᠭ  ᠶᠠᠫᠣᠨ ᠢ ᠡᠰᠡᠷᠭᠦᠴᠡᠬᠦ ᠡᠩᠨᠡᠭᠡ ᠳᠤ ᠪᠦᠰᠡᠯᠡᠨ ᠤᠰᠠᠳᠬᠠᠯᠲᠠ ᠱᠠᠯᠠᠪᠳᠠᠨ ᠬᠢᠵᠦ ᠲᠡᠮᠡᠴᠡᠯ ᠦᠨ ᠣᠷᠴᠢᠨ ᠪᠠᠶᠢᠳᠠᠯ ᠨᠡᠩ ᠬᠠᠲᠠᠭᠤ ᠪᠡᠷᠬᠡᠰᠢᠶᠡᠯ ᠲᠡᠶ ᠪᠠᠶᠢᠪᠠ ᠂ ᠭᠡᠪᠡᠴᠦ ᠭᠤᠤ ᠴᠢᠶᠤᠤ ᠶᠢᠨ ᠳᠠᠭᠠᠭᠤᠯᠤᠭᠰᠠᠨ ᠲᠠᠪᠤᠳᠤᠭᠠᠷ ᠳᠤᠮᠳᠠ ᠠᠩᠭᠢ ᠨᠢ ᠬᠠᠷᠢᠨ ᠤᠯᠠᠮ ᠠᠮᠢᠳᠤᠯᠢᠭ  ᠪᠠᠶᠢᠯᠳᠤᠵᠤ ᠳᠠᠶᠢᠰᠤᠨ ᠳᠤ ᠴᠣᠬᠢᠯᠲᠠ ᠥᠭᠴᠦ ᠪᠠᠶᠢᠪᠠ᠃ 1939 ᠣᠨ ᠤ ᠵᠤᠨ ᠂ ᠲᠡᠳᠡ  ᠲᠢᠶᠠᠨᠵᠢᠨ  ᠴᠢᠨ ᠬᠤᠸᠠᠩ ᠳ᠋ᠣᠣ ᠲᠡᠮᠦᠷ ᠵᠠᠮ ᠢ ᠳᠠᠪᠠᠵᠤ ᠂ ᠽᠸᠩ ᠵᠢᠶᠠ ᠸᠠᠨ ᠤ ᠰᠠᠭᠤᠷᠢᠨ ᠭᠠᠵᠠᠷ ᠢ ᠳᠠᠭᠠᠷᠢᠨ ᠴᠣᠬᠢᠵᠤ ᠳᠠᠶᠢᠰᠤᠨ  ᠤ ᠨᠢᠭᠡ ᠴᠠᠭᠳᠠᠭ᠎ᠠ ᠶᠢᠨ ᠳᠤᠮᠳᠠ ᠠᠩᠭᠢ  ᠶᠢ ᠤᠰᠠᠳᠬᠠᠵᠠᠢ᠃ ᠲᠤᠰ ᠵᠢᠯ ᠦᠨ ᠨᠠᠮᠤᠷ ᠾᠸᠪᠸᠢ ᠵᠢᠨ ᠵᠡᠭᠦᠨ ᠬᠡᠰᠡᠭ ᠦᠨ ᠶᠠᠫᠣᠨ ᠢ ᠡᠰᠡᠷᠭᠦᠴᠡᠬᠦ ᠬᠣᠯᠪᠣᠭᠠᠲᠤ ᠴᠡᠷᠢᠭ ᠦᠨ ᠡᠩᠨᠡᠭᠡ ᠶᠢ ᠨᠠᠶᠮᠠᠳᠤᠭᠠᠷ ᠵᠠᠮ ᠤᠨ ᠴᠡᠷᠢᠭ ᠤᠨ ᠬᠣᠷᠢᠨ ᠨᠠᠶᠮᠠ ᠂ ᠬᠣᠷᠢ ᠶᠢᠰᠦ ᠂  ᠭᠤᠴᠢᠳᠤᠭᠠᠷ ᠬᠣᠷᠢᠶ᠎ᠠ ᠪᠣᠯᠭᠠᠨ ᠥᠭᠡᠷᠡᠴᠢᠯᠡᠵᠦ ᠂  ᠭᠤᠤ ᠴᠢᠶᠤᠤ ᠬᠣᠷᠢᠨ ᠨᠠᠶᠮᠠᠳᠤᠭᠠᠷ ᠬᠣᠷᠢᠶ᠎ᠠ ᠶᠢᠨ ᠨᠢᠭᠡᠳᠦᠭᠡᠷ ᠪᠠᠲ᠋ᠯᠢᠶᠣᠨ ᠤ ᠳᠠᠷᠤᠭ᠎ᠠ ᠶᠢᠨ ᠲᠤᠰᠢᠶᠠᠯ ᠢ ᠡᠭᠦᠷᠭᠡᠯᠡᠪᠡ᠃ ᠴᠡᠷᠢᠭ  ᠤᠨ ᠡᠩᠨᠡᠭᠡ ᠶᠢ ᠥᠭᠡᠷᠡᠴᠢᠯᠡᠨ ᠪᠠᠶᠢᠭᠤᠯᠤᠭᠰᠠᠨ ᠤ ᠲᠠᠷᠠᠭ᠎ᠠ᠂  ᠫᠢᠩ ᠰᠢ ᠳᠦ ᠣᠴᠢᠵᠤ ᠴᠡᠭᠴᠡᠯᠡᠨ ᠪᠣᠯᠪᠠᠰᠤᠷᠠᠭᠤᠯᠵᠤ ᠂ ᠳᠡᠮᠡᠶ ᠤᠳᠠᠭᠰᠠᠨ ᠦᠭᠡᠢ  ᠭᠤᠤ ᠴᠢᠶᠤᠤ ᠪᠠᠰᠠ ᠱᠠᠨ ᠰᠢ ᠴᠠᠬᠠᠷ ᠾᠸᠪᠸᠢ ᠵᠢᠨ ᠲᠥᠪ ᠦᠨ ᠬᠤᠪᠢᠶᠠᠷᠢ ᠲᠣᠪᠴᠢᠶᠠᠨ ᠤ ᠨᠠᠮ ᠤᠨ ᠰᠤᠷᠭᠠᠭᠤᠯᠢ ᠳᠤ ᠰᠤᠷᠤᠯᠴᠠᠪᠠ ᠃     1940 ᠣᠨ ᠤ ᠵᠤᠨ ᠡᠾᠸᠪᠸᠢ ᠮᠤᠵᠢ ᠶᠢᠨ ᠵᠡᠭᠦᠨ ᠬᠡᠰᠡᠭ ᠲᠦ ᠠᠷᠪᠠᠨ ᠭᠤᠷᠪᠠᠳᠤᠭᠠᠷ ᠬᠣᠷᠢᠶ᠎ᠠ ᠪᠠᠶᠢᠭᠤᠯᠤᠭᠳᠠᠵᠤ᠂ ᠭᠤᠤ ᠴᠢᠶᠤᠤ ᠨᠠᠮ ᠤᠨ ᠰᠤᠷᠭᠠᠭᠤᠯᠢ ᠡᠴᠡ  ᠲᠡᠭᠦᠰᠴᠦ᠂ ᠠᠷᠪᠠᠨ ᠭᠤᠷᠪᠠᠳᠤᠭᠠᠷ ᠬᠣᠷᠢᠶ᠎ᠠ ᠶᠢᠨ ᠨᠢᠭᠡᠳᠦᠭᠡᠷ ᠪᠠᠲ᠋ᠯᠢᠶᠣᠨ ᠤ ᠳᠠᠷᠤᠭ᠎ᠠ ᠪᠣᠯᠵᠠᠶ ᠃ ᠠᠷᠪᠠᠨ ᠭᠤᠷᠪᠠᠳᠤᠭᠠᠷ ᠬᠣᠷᠢᠶ᠎ᠠ ᠨᠢ ᠰᠢᠰᠢ ᠶᠢᠨ ᠲᠠᠷᠢᠶ᠎ᠠ ᠳᠦ ᠲᠦᠰᠢᠭᠯᠡᠨ ᠂ ᠥᠷᠭᠡᠨ ᠳᠡᠯᠭᠡᠷᠡᠩᠭᠦᠶ ᠲᠠᠭᠠᠷᠢᠯᠳᠠ ᠬᠢᠵᠦ ᠂ ᠨᠢᠭᠡ ᠯᠡ ᠠᠮᠢᠰᠬᠤᠭ᠎ᠠ ᠪᠠᠷ ᠵᠢᠶ ᠰᠢᠶᠠᠨ ᠂ ᠪᠤᠦᠳᠢ ᠰᠢᠶᠠᠨ ᠂ ᠢᠦᠶ ᠲᠢᠶᠠᠨ  ᠰᠢᠶᠠᠨ ᠵᠡᠷᠭᠡ ᠭᠤᠷᠪᠠᠨ ᠭᠣᠣᠯ ᠰᠢᠶᠠᠨ ᠤ ᠬᠠᠭᠤᠷᠮᠠᠭ ᠴᠡᠷᠢᠭ ᠦᠨ ᠰᠠᠭᠤᠷᠢᠨ ᠢ ᠳᠠᠭᠠᠷᠢᠨ ᠡᠪᠳᠡᠵᠡᠢ᠃ 12 ᠰᠠᠷ᠎ᠠ ᠳᠤ ᠂  ᠭᠤᠤ ᠴᠢᠶᠤᠤ ᠶᠢᠨ ᠴᠡᠷᠢᠭ ᠵᠠᠷᠯᠢᠭ ᠬᠦᠯᠢᠶᠡᠨ ᠳ᠋ᠠ ᠭᠤᠸᠠᠨ ᠴᠢᠦᠶ ᠣᠷᠴᠢᠮ ᠶᠠᠫᠣᠨ ᠴᠡᠷᠢᠭ ᠤᠨ ᠨᠢᠭᠡᠨ ᠳᠤᠭᠤᠶ ᠲᠡᠷᠭᠡᠨ ᠨᠤᠲᠤᠭ ᠴᠡᠪᠡᠷᠯᠡᠬᠦ ᠠᠡᠭᠬᠢ ᠶᠢ ᠪᠦᠭᠭᠦᠨ ᠴᠣᠬᠢᠵᠤ ᠨᠢᠭᠡ ᠴᠠᠭ ᠤᠨ ᠳᠣᠲᠣᠷ᠎ᠠ ᠳᠠᠶᠢᠯᠠᠯᠳᠤᠭᠠᠨ ᠳᠠᠭᠤᠰᠴᠤ᠂ ᠨᠢᠭᠡᠨ ᠶᠠᠫᠣᠨ ᠴᠡᠷᠢᠭ ᠳᠤᠲᠠᠭᠠᠭᠰᠠᠨ ᠠᠴᠠ ᠭᠠᠳᠠᠨ᠎ᠠ ᠂ ᠪᠤᠰᠤᠳ ᠨᠢ ᠴᠥᠮ ᠰᠥᠨᠥᠭᠡᠭᠳᠡᠪᠡ ᠃ ᠫᠦ᠋ᠯᠸᠮᠶᠤᠲ ᠨᠢᠭᠡ ᠂ ᠭᠠᠷᠨᠠᠲᠠ ᠰᠢᠳᠡᠬᠦ ᠬᠣᠩᠬᠢᠶ᠌᠎ᠠ ᠬᠣᠶᠠᠷ ᠂ ᠬᠡᠳᠦᠨ ᠠᠷᠪᠠᠨ ᠫᠤᠤ  ᠬᠡᠳᠦᠨ ᠠᠷᠪᠠᠨ ᠳᠤᠭᠤᠶ ᠲᠡᠷᠭᠡ ᠣᠯᠵᠠᠯᠠᠵᠤ ᠂ ᠮᠠᠨ ᠤ ᠴᠡᠷᠢᠭ ᠨᠢᠭᠡ ᠴᠦ ᠬᠥᠮᠦᠨ ᠦᠬᠦᠵᠦ ᠰᠢᠷᠬᠠᠲᠤᠭᠰᠠᠨ ᠦᠭᠡᠢ ᠪᠠᠶᠢᠵᠤ᠂ ᠳᠡᠭᠡᠳᠦ ᠱᠠᠲᠤᠨ ᠤ ᠰᠠᠶᠢᠰᠢᠶᠠᠯ ᠢ ᠣᠯᠤᠭᠰᠠᠨ ᠪᠠᠶᠢᠨ᠎ᠠ ᠃     1941 ᠣᠨ ᠤ 3 ᠰᠠᠷ᠎ᠠ ᠳᠤ ᠭᠤᠤ ᠴᠢᠶᠤᠤ ᠂ ᠵᠧᠩ ᠽᠢ ᠮᠢᠩ ᠤᠨ ᠤᠳᠤᠷᠢᠳᠤᠭᠰᠠᠨ ᠨᠢᠭᠡᠳᠦᠭᠡᠷ ᠪᠠᠲ᠋ᠯᠢᠶᠣᠨ ᠨᠢ《 ᠮᠤᠷᠤᠶ ᠱᠤᠭᠤᠮ ᠢᠶᠠᠷ ᠤᠯᠤᠰ ᠢᠶᠠᠨ ᠠᠪᠤᠷᠠᠬᠤ 》 ᠭᠡᠳᠡᠭ  ᠵᠧᠩ ᠵᠢᠦ ᠷᠦ ᠶᠢᠨ ᠬᠣᠯᠢᠮᠠᠭ ᠵᠡᠪᠰᠡᠭᠲᠦ ᠬᠦᠴᠦᠨ ᠢ ᠲᠠᠷᠬᠠᠭᠠᠵᠠᠢ᠃ 4 ᠰᠠᠷ᠎ᠠ ᠳᠤ ᠭᠤᠤ ᠴᠢᠶᠤᠤ ᠴᠡᠷᠢᠭ ᠠᠩᠭᠢ ᠪᠠᠨ ᠳᠠᠭᠠᠭᠤᠯᠤᠨ ᠢᠥᠢ ᠲᠢᠶᠠᠨ ᠰᠢᠶᠠᠨ ᠤ ᠶᠠᠩ ᠵᠢᠶᠠ ᠪᠠᠨ ᠴᠢᠶᠤᠤ ᠲᠣᠰᠬᠤᠨ ᠤ ᠰᠢᠶᠤᠤ ᠭᠤᠤ ᠵᠤᠸᠠᠩ ᠲᠣᠰᠬᠣᠨ  ᠳᠤ ᠶᠠᠫᠣᠨ ᠴᠡᠷᠢᠭ ᠤᠨ3 ᠮᠠᠰᠢᠨ ᠲᠡᠷᠭᠡ ᠶᠢ ᠳᠠᠭᠠᠷᠢᠨ ᠡᠪᠳᠡᠵᠡᠢ᠃ 5 ᠰᠠᠷ᠎ᠠ ᠳᠤ ᠭᠤᠤ ᠴᠢᠶᠤᠤ ᠾᠸᠪᠸᠢ ᠵᠢᠨ ᠵᠡᠭᠦᠨ ᠬᠡᠰᠡᠭ ᠦᠨ ᠴᠡᠷᠢᠭ ᠦᠨ ᠬᠤᠪᠢᠶᠠᠷᠢ ᠲᠣᠭᠣᠷᠢᠭ ᠤᠨ ᠰᠧᠯᠢᠩᠶᠤᠸᠠᠨ ᠯᠢ  ᠶᠦᠨ ᠴᠠᠩ ᠤᠨ ᠪᠡᠶ᠎ᠡ ᠪᠡᠷ ᠢᠶᠡᠨ ᠤᠳᠤᠷᠢᠳᠤᠭᠰᠠᠨ ᠴᠢᠥᠢ ᠯᠢᠶᠠᠩ ᠾᠧ ᠶᠢᠨ ᠫᠠᠷᠲ᠋ᠢᠽᠠᠨ ᠳᠠᠢᠢᠨ ᠳᠦ ᠣᠷᠣᠯᠴᠠᠵᠠᠢ᠃     1942 ᠣᠨ ᠤ ᠬᠠᠪᠤᠷ ᠵᠤᠨ ᠤ ᠬᠣᠭᠣᠷᠣᠨᠳᠣ ᠭᠤᠤ ᠴᠢᠶᠤᠤ ᠬᠢᠯᠢ ᠶᠢᠨ ᠫᠠᠶᠢᠰᠠ᠂  ᠱᠢ ᠺᠧ ᠱᠦ ᠶᠢᠨ ᠪᠦᠭᠭᠦᠨ ᠴᠣᠬᠢᠬᠤ ᠪᠠᠶᠢᠯᠳᠤᠭᠠᠨ ᠳᠦ ᠪᠦᠷ ᠢᠯᠠᠯᠲᠠ ᠣᠯᠤᠭᠰᠠᠨ ᠪᠠᠶᠢᠨ᠎ᠠ ᠃ ᠲᠤᠰ ᠵᠢᠯ ᠦᠨ ᠨᠠᠮᠤᠷ ᠭᠤᠤ ᠴᠢᠶᠤᠤ ᠠᠷᠪᠠᠨ ᠨᠢᠭᠡᠳᠦᠭᠡᠷ ᠬᠣᠷᠢᠶ᠎ᠠ ᠳ᠋ᠥ ᠰᠢᠯᠵᠢᠵᠦ ᠱᠲ᠋ᠠᠪ ᠤᠨ ᠳᠠᠷᠤᠭ᠎ᠠ ᠪᠣᠯᠵᠠᠢ ᠃ 1942 ᠣᠨ ᠤ ᠵᠤᠨ ᠾᠸᠪᠸᠢ ᠮᠤᠵᠢ ᠶᠢᠨ ᠵᠡᠭᠦᠨ ᠬᠡᠰᠡᠭ ᠦᠨ ᠬᠣᠷᠢᠶ᠎ᠠ ᠪᠠ ᠴᠡᠷᠢᠭ ᠦᠨ ᠬᠤᠪᠢᠶᠠᠷᠢ ᠲᠣᠭᠣᠷᠢᠭ  ᠠᠴᠠ ᠭᠤᠤ ᠴᠢᠶᠤᠤ ᠂ ᠵᠧᠦ ᠵᠢᠶᠠ ᠮᠧᠶ ( ᠠᠷᠪᠠᠨ ᠬᠣᠶᠠᠳᠤᠭᠠᠷ ᠬᠣᠷᠢᠶ᠎ᠠ ᠶᠢᠨ ᠱᠲ᠋ᠠᠪ ᠤᠨ ᠳᠠᠷᠤᠭ᠎ᠠ )᠂ ᠶᠠᠩ ᠰᠧ ᠯᠦ ᠲᠤᠰᠪᠦᠷᠢ ᠨᠢᠭᠡ ᠪᠦᠯᠦᠭ ᠴᠡᠷᠢᠭ ᠦᠨ ᠭᠣᠣᠯ ᠬᠦᠴᠦᠨ ᠨᠡᠶᠢᠲᠡ 700 ᠭᠠᠷᠤᠶ ᠬᠥᠮᠦᠨ ᠢ ᠳᠠᠭᠠᠭᠤᠯᠵᠤ ᠂ ᠴᠧᠩᠳ᠋ᠧ ᠂ ᠫᠢᠨᠭᠴᠢᠦᠸᠠᠨ ᠂ ᠨᠢᠩᠴᠧᠩ ᠵᠡᠷᠭᠡ ᠭᠠᠵᠠᠷ ᠣᠷᠣᠨ ᠳᠦ ᠠᠵᠢᠯᠯᠠᠭ᠎ᠠ ᠥᠷᠨᠢᠭᠦᠯᠵᠦ᠂ ᠷᠸᠾᠸ ᠶᠢᠨ ᠠᠭᠤᠯᠠᠷᠬᠠᠭ ᠣᠷᠣᠨ ᠤ ᠰᠠᠭᠤᠷᠢᠨ ᠭᠠᠵᠠᠷ ᠢ ᠪᠠᠶᠢᠭᠤᠯᠤᠭᠰᠠᠨ ᠪᠠᠶᠢᠨ᠎ᠠ ᠃ ᠡᠨᠡ ᠬᠦ ᠭᠠᠵᠠᠷ ᠣᠷᠣᠨ ᠨᠢ ᠶᠠᠫᠣᠨ ᠬᠠᠭᠤᠷᠮᠠᠭ ᠮᠠᠨᠵᠤ ᠶᠢᠨ ᠨᠣᠶᠠᠷᠬᠠᠯ ᠢ ᠬᠠᠮᠤᠭ ᠤᠨ ᠬᠠᠶᠢᠷ᠎ᠠ ᠨᠠᠶᠢᠷ ᠦᠭᠡᠢ ᠬᠦᠷᠲᠡᠭᠰᠡᠨ ᠭᠠᠵᠠᠷ ᠣᠷᠣᠨ ᠪᠠᠶᠢᠵᠤ᠂ ᠶᠠᠫᠣᠨ ᠴᠡᠷᠢᠭ ᠬᠠᠭᠤᠷᠮᠠᠭ ᠴᠡᠷᠢᠭ ᠦᠨ ᠬᠦᠴᠦ ᠣᠷᠣᠭᠤᠯᠤᠨ ᠪᠠᠶᠢᠭᠤᠯᠤᠭᠰᠠᠨ ᠠᠷᠤ ᠲᠠᠯ᠎ᠠ ᠶᠢᠨ ᠰᠠᠭᠤᠷᠢᠨ ᠭᠠᠵᠠᠷ ᠪᠣᠯᠣᠨ᠎ᠠ᠃ ᠭᠤᠤ ᠴᠢᠶᠤᠤ ᠶᠢᠨ ᠴᠡᠷᠢᠭ ᠬᠦᠷᠦᠭᠰᠡᠨ ᠦ ᠰᠡᠭᠦᠯᠡᠷ ᠂ 11 ᠰᠠᠷ᠎ᠠ ᠶᠢᠨ13 ᠡᠴᠡ17 ᠬᠦᠷᠲᠡᠯ᠎ᠡ ᠰᠠᠨ ᠭᠸᠦ᠂  ᠬᠤᠸᠠᠩ ᠲᠦ ᠯᠢᠶᠠᠩ ᠽᠢ᠂ ᠵᠢᠷᠭᠤᠳᠤᠭᠠᠷ ᠭᠤᠤ᠂ ᠳᠣᠯᠣᠳᠤᠭᠠᠷ ᠭᠤᠤ ᠶᠢᠨ 3 ᠴᠠᠭᠳᠠᠭᠠᠨ ᠤ ᠵᠠᠬᠢᠷᠭ᠎ᠠ ᠪᠣᠯᠤᠨ 11 ᠴᠠᠭᠳᠠᠭ᠎ᠠ ᠶᠢᠨ ᠬᠤᠪᠢᠶᠠᠷᠢ ᠭᠠᠵᠠᠷ᠂  ᠱᠠᠩ ᠭᠦ᠋ ᠂ ᠶᠦᠩ ᠾᠧ ᠬᠣᠶᠠᠷ ᠭᠠᠯᠲᠤ ᠲᠡᠷᠭᠡᠨ ᠦᠷᠳᠡᠭᠡ ᠶᠢ ᠴᠣᠬᠢᠨ ᠡᠵᠡᠯᠡᠵᠦ ᠂ ᠶᠠᠪᠠᠭᠠᠨ ᠫᠤᠤ ᠭᠠᠷ ᠫᠤᠤ 17 ᠵᠢᠴᠢ ᠦᠯᠡᠮᠵᠢ ᠠᠷᠪᠢᠨ  ᠰᠤᠮᠤ ᠲᠠᠷᠢ᠂ ᠠᠮᠤ ᠪᠤᠳᠠᠭ᠎ᠠ ᠂ ᠪᠦᠰ ᠪᠠᠷᠠᠭ᠎ᠠ ᠣᠯᠵᠠᠯᠠᠵᠠᠢ ᠃ ᠬᠦᠷᠦᠭᠰᠡᠨ ᠭᠠᠵᠠᠷ ᠪᠦᠬᠦᠨ ᠳᠦ ᠴᠥᠮ《 ᠡᠵᠡᠷᠬᠡᠭ ᠲᠦᠷᠢᠮᠡᠬᠡᠶᠢᠲᠡᠨ ᠢ ᠴᠣᠬᠢᠨ ᠤᠨᠠᠭᠠᠶ᠎ᠠ》᠂《 ᠳᠤᠮᠳᠠᠳᠤ ᠤᠯᠤᠰ ᠤᠨ ᠬᠥᠮᠦᠨ ᠦᠬᠦᠪᠡᠴᠦ ᠬᠠᠷᠢ ᠶᠢᠨ ᠪᠤᠭᠤᠯ ᠪᠣᠯᠬᠤ ᠦᠭᠡᠢ 》ᠭᠡᠬᠦ ᠮᠡᠲᠦ ᠶᠢᠨ  ᠤᠷᠢᠶ᠎ᠠ ᠯᠣᠽᠦ᠋ᠩ   ᠪᠢᠴᠢᠵᠦ《ᠠᠬ᠎ᠠ ᠳᠡᠭᠦᠦ ᠨᠡᠷ ᠲᠦ  ᠥᠭᠬᠦ ᠪᠢᠴᠢᠭ 》ᠲᠠᠷᠬᠠᠭᠠᠵᠤ  ᠪᠠᠶᠢᠵᠠᠢ᠃      ᠲᠤᠰ ᠵᠢᠯ ᠦᠨ 11 ᠰᠠᠷ᠎ᠠ ᠳᠤ ᠶᠠᠫᠣᠨ ᠬᠠᠭᠤᠷᠮᠠᠭ ᠴᠡᠷᠢᠭ 16 ᠲᠦᠮᠡᠨ ᠭᠠᠷᠤᠶ ᠬᠥᠮᠦᠨ ᠢ ᠵᠣᠬᠢᠶᠠᠨ ᠪᠠᠶᠢᠭᠤᠯᠵᠤ ᠂ ᠶᠠᠫᠣᠨ ᠢ ᠡᠰᠡᠷᠭᠦᠴᠡᠬᠦ ᠵᠡᠪᠰᠡᠭᠲᠦ ᠬᠦᠴᠦᠨ ᠢ ᠪᠦᠰᠡᠯᠡᠨ  ᠴᠣᠬᠢᠵᠠᠢ᠂ ᠲᠡᠭᠡᠭᠡᠳ ᠭᠣᠣᠯ ᠬᠦᠴᠦᠨ ᠴᠡᠷᠢᠭ ᠨᠢ ᠾᠸᠪᠸᠢ ᠵᠢᠨ ᠵᠡᠭᠦᠨ ᠬᠡᠰᠡᠭ ᠲᠤ ᠪᠤᠴᠠᠵᠤ ᠂ ᠭᠤᠤ ᠴᠢᠶᠤᠤ ᠦᠯᠡᠳᠡᠭᠡᠭᠰᠡᠨ ᠠᠷᠪᠠᠨ ᠨᠢᠭᠡᠳᠦᠭᠡᠷ ᠬᠣᠷᠢᠶᠠᠨ ᠤ ᠬᠣᠶᠠᠳᠤᠭᠠᠷ ᠰᠤᠮᠤ ᠪᠠ ᠠᠷᠪᠠᠨ ᠬᠣᠶᠠᠳᠤᠭᠠᠷ ᠬᠣᠷᠢᠶᠠᠨ ᠤ ᠨᠢᠭᠡᠳᠦᠭᠡᠷ ᠰᠤᠮᠤ ᠶᠢᠨ ᠴᠡᠷᠢᠭ ᠢ ᠳᠠᠭᠠᠭᠤᠯᠤᠨ ᠦᠷᠭᠦᠯᠵᠢᠯᠡᠨ ᠶᠠᠫᠣᠨ ᠢ ᠡᠰᠡᠷᠭᠦᠴᠡᠵᠦ᠂  ᠴᠧᠩᠳ᠋ᠧ ᠫᠢᠩᠴᠤᠸᠠᠨ  ᠨᠢᠩᠴᠧᠩ ᠦᠨ ᠵᠡᠪᠰᠡᠭᠲᠦ ᠠᠵᠢᠯᠯᠠᠬᠤ ᠠᠩᠭᠢ ᠪᠠ ᠶᠠᠫᠣᠨ ᠢ ᠡᠰᠡᠷᠭᠦᠴᠡᠬᠦ ᠰᠠᠭᠤᠷᠢᠨ ᠭᠠᠵᠠᠷ ᠢ  ᠪᠠᠶᠢᠭᠤᠯᠵᠤ ᠪᠠᠶᠢᠵᠠᠢ᠃    1943 ᠣᠨ ᠤ 2 ᠰᠠᠷ᠎ᠠ ᠶᠢᠨ ᠡᠬᠢᠨ ᠳᠦ᠂ ᠭᠤᠤ ᠴᠢᠶᠤᠤ᠂ ᠵᠧᠦ ᡁᠢ ᠭᠥᠸᠧ᠂ ᠶᠠᠨ ᠬᠠᠨ ᠴᠧᠨ ᠵᠡᠷᠭᠡ ᠬᠥᠮᠦᠰ ᠦᠨ ᠳᠠᠶᠢᠴᠢᠯᠠᠭᠰᠠᠨ ᠵᠡᠪᠰᠡᠭᠲᠦ ᠠᠵᠢᠯᠯᠠᠬᠤ ᠠᠩᠭᠢ ᠨᠢ ᠭᠤᠸᠠᠩ ᠲᠸᠦ ᠱᠠᠨ ᠠᠭᠤᠯᠠ ᠶᠢᠨ ᠪᠦᠰᠡᠯᠡᠯᠲᠡ ᠶᠢ ᠰᠢᠪᠲᠤᠯᠬᠤ ᠬᠠᠲᠠᠭᠤ ᠳᠠᠶᠢᠨ ᠢ ᠥᠩᠭᠡᠷᠡᠭᠡᠵᠡᠢ᠃ 5 ᠰᠠᠷ᠎ᠠ ᠳᠤ ᠠᠮᠢᠳᠤᠯᠢᠭ ᠪᠠᠶᠢᠯᠳᠤᠬᠤ ᠪᠣᠳᠣᠯᠭ᠎ᠠ ᠢᠶᠠᠷ ᠳᠠᠶᠢᠰᠤᠨ ᠳᠤ ᠴᠣᠬᠢᠯᠲᠠ ᠥᠭᠬᠦ ᠶᠢᠨ ᠲᠥᠯᠥᠭᠡ᠂ ᠨᠠᠶᠮᠠᠳᠤᠭᠠᠷ ᠵᠠᠮ ᠤᠨ ᠴᠡᠷᠢᠭ ᠦᠨ ᠡᠾᠸᠪᠸᠢ ᠵᠢᠨ ᠵᠡᠭᠦᠨ ᠬᠡᠰᠡᠭ ᠦᠨ ᠴᠡᠷᠢᠭ ᠦᠨ ᠬᠤᠪᠢᠶᠠᠷᠢ ᠲᠣᠭᠣᠷᠢᠭ ᠨᠢ ᠭᠤᠷᠪᠠᠨ  ᠲᠣᠭᠣᠷᠢᠭ ᠠᠡᠭᠭᠢ ᠵᠣᠬᠢᠶᠠᠨ ᠪᠠᠶᠢᠭᠤᠯᠬᠤ ᠪᠠᠷ ᠲᠣᠭᠲᠠᠪᠠ᠃ ᠭᠤᠤ ᠴᠢᠶᠤᠤ ᠭᠤᠷᠪᠠᠨ ᠲᠣᠭᠣᠷᠢᠭ ᠠᠩᠭᠢ ᠶᠢᠨ ᠳᠠᠷᠤᠭ᠎ᠠ ᠶᠢ ᠬᠠᠷᠢᠭᠤᠴᠠᠵᠤ ᠂ ᠬᠤᠸᠠᠩ ᠶᠦᠨ( ᠶᠠᠩ ᠢᠥᠢ ᠮᠢᠨ) ᠤᠯᠤᠰ ᠲᠦᠷᠦ  ᠶᠢᠨ ᠭᠡᠰᠢᠭᠦᠨ ᠂ ᠵᠧᠩ ᠽᠢ ᠮᠢᠩ ( ᠵᠧᠩ ᠸᠧᠶ  ᠵᠢᠶᠠ)ᠳᠡᠳ᠋ ᠤᠯᠤᠰ ᠲᠦᠷᠦ ᠶᠢᠨ ᠭᠡᠰᠢᠭᠦᠨ ᠢ ᠬᠠᠷᠢᠭᠤᠴᠠᠵᠠᠢ᠃ ᠡᠭᠦᠨ ᠦ ᠵᠡᠷᠭᠡᠴᠡᠭᠡᠪᠡᠷ ᠂ ᠭᠤᠤ ᠴᠢᠶᠤᠤ ᠶᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠴᠧᠩᠳ᠋ᠧ ᠫᠢᠩᠴᠤᠸᠠᠨ ᠨᠢᠩᠴᠧᠩ ᠬᠣᠯᠪᠣᠭᠠᠲᠤ ᠰᠢᠶᠠᠨ ᠤ ᠠᠵᠢᠯ ᠤᠨ ᠺᠣᠮᠢᠰ ᠤᠨ ᠪᠦᠷᠢᠯᠳᠦᠬᠦᠨ ᠪᠣᠯᠭᠠᠬᠤ ᠪᠠᠷ ᠲᠣᠭᠲᠠᠵᠠᠢ᠃ 6 ᠰᠠᠷ᠎ᠠ ᠶᠢᠨ ᠡᠬᠢ ᠪᠡᠷ ᠭᠤᠤ ᠴᠢᠶᠤᠤ ᠭᠤᠷᠪᠠᠨ ᠲᠣᠭᠣᠷᠢᠭ ᠠᠩᠭᠢ ᠶᠢᠨ ᠴᠡᠷᠢᠭ ᠢᠶᠡᠨ ᠳᠠᠭᠠᠭᠤᠯᠤᠨ ᠴᠧᠩᠳ᠋ᠧ ᠶᠢᠨ ᠬᠢᠯᠢ  ᠳᠣᠲᠣᠷᠠᠬᠢ ᠶᠠᠨ ᠲᠦᠩ ᠱᠠᠨ ᠤ ᠮᠥᠩᠭᠥᠨ ᠠᠭᠤᠷᠬᠠᠶ ᠶᠢ ᠰᠠᠬᠢᠵᠤ ᠪᠠᠶᠢᠭ᠎ᠠ ᠶᠠᠫᠣᠨ ᠬᠠᠭᠤᠷᠮᠠᠭ ᠴᠡᠷᠢᠭ ᠢ ᠳᠠᠭᠠᠷᠢᠭᠠᠳ 20 ᠭᠠᠷᠤᠶ ᠫᠤᠤ ᠪᠠ ᠨᠢᠭᠡ ᠪᠦᠯᠦᠭ ᠡᠳ᠋ ᠪᠣᠳᠠᠰ ᠢ ᠣᠯᠵᠠᠯᠠᠭᠰᠠᠨ ᠪᠠᠶᠢᠨ᠎ᠠ᠃ ᠰᠡᠭᠦᠯᠡᠷ ᠨᠢ ᠴᠧᠩᠳ᠋ᠧ  ᠶᠢᠨ ᠠᠷᠪᠠᠨ ᠨᠢᠭᠡᠳᠦᠭᠡᠷ ᠭᠤᠤ᠂  ᠺᠧᠦ ᠵᠠᠩ ᠽᠢ ᠣᠷᠴᠢᠮ ᠬᠡᠳᠦ ᠤᠳᠠᠭ᠎ᠠ ᠪᠠᠶᠢᠯᠳᠤᠵᠠᠢ᠃ 8 ᠰᠠᠷ᠎ᠠ ᠶᠢᠨ 16 ᠤ ᠰᠥᠨᠢ ᠰᠠᠨ ᠽᠦᠸᠧ ᠳ᠋ᠢᠶᠠᠨ ᠤ ᠬᠠᠷ᠎ᠠ ᠲᠠᠮᠠᠬᠢ ᠶᠢᠨ ᠳᠤᠭᠤᠶᠢᠯᠠᠩ ᠢ ᠭᠡᠨᠡᠳᠡᠭᠦᠯᠦᠨ ᠳᠠᠭᠠᠷᠢᠵᠤ ᠂ ᠶᠡᠬᠡ ᠬᠡᠮᠵᠢᠶᠡᠨ ᠦ ᠡᠳ᠋ ᠪᠣᠳᠠᠰ ᠣᠯᠵᠠᠯᠠᠵᠤ᠂ ᠵᠠᠯᠭᠠᠭᠠᠳ ᠭᠣᠷᠣᠬ᠎ᠠ ᠭᠣᠣᠯ ᠳᠤ ᠳᠠᠶᠢᠰᠤᠨ  ᠤ ᠨᠢᠭᠡᠨ ᠰᠠᠯᠠᠭ᠎ᠠ ᠴᠡᠷᠢᠭ ᠴᠠᠭᠳᠠᠭ᠎ᠠ ᠶᠢ ᠪᠦᠬᠦᠨ ᠢ ᠰᠥᠨᠥᠭᠡᠵᠡᠢ᠃ 8 ᠰᠠᠷ᠎ᠠ ᠶᠢᠨ 20  ᠤ ᠡᠳᠦᠷ ᠂ ᠭᠤᠤ ᠴᠢᠶᠤᠤ ᠭᠤᠷᠪᠠᠨ ᠲᠣᠭᠣᠷᠢᠭ ᠴᠡᠷᠢᠭ ᠠᠩᠭᠢ  ᠪᠠᠨ ᠳᠠᠭᠠᠭᠤᠯᠵᠤ ᠫᠢᠩ ᠴᠢᠤᠸᠠᠨ ᠤ ᠴᠠᠩ ᠱᠧᠩ ᠭᠧᠤ ᠶᠢᠨ ᠫᠠᠨ ᠳ᠋ᠤᠤ ᠯᠢᠶᠠᠩ ᠳᠤ ᠪᠦᠭᠭᠦᠵᠦ ᠂ ᠬᠠᠷᠠᠴᠢᠨ ᠳᠤᠮᠳᠠᠳᠤ ᠬᠣᠰᠢᠭᠤ ᠶᠢᠨ ᠵᠣᠬᠢᠴᠠᠭᠤᠯᠤᠨ ᠡᠶᠡᠳᠡᠭᠦᠯᠬᠦ ᠨᠡᠶᠢᠭᠡᠮᠯᠢᠭ ᠦᠨ ᠬᠡᠷᠡᠭ  ᠡᠷᠬᠢᠯᠡᠭᠴᠢ ᠂ ᠶᠠᠫᠣᠨ ᠬᠥᠮᠥᠨ ᠨᠢᠰᠢᠨᠠ ᠨᠣᠪᠦ᠋ᠤᠤ ᠵᠢᠴᠢ 30 ᠭᠠᠷᠤᠢ ᠶᠠᠫᠤᠨ ᠬᠠᠭᠤᠷᠮᠠᠭ ᠴᠡᠷᠢᠭ ᠢ ᠤᠰᠠᠳᠬᠠᠵᠠᠢ ᠃ 9 ᠰᠠᠷ᠎ᠠ ᠶᠢᠨ 13 ᠡᠴᠡ 14 ᠬᠦᠷᠲᠡᠯ᠎ᠡ᠂  ᠭᠤᠤ ᠴᠢᠶᠤᠤ ᠭᠤᠷᠪᠠᠳᠤᠭᠠᠷ ᠲᠣᠭᠣᠷᠢᠭ ᠤᠨ ᠴᠡᠷᠢᠭ ᠠᠩᠭᠢ ᠪᠠᠨ ᠳᠠᠭᠠᠭᠤᠯᠵᠤ᠂ ᠲᠠᠪᠤᠳᠤᠭᠠᠷ ᠲᠣᠭᠣᠷᠢᠭ ᠤᠨ ᠨᠤᠲᠤᠭ ᠤᠨ ᠰᠢᠯᠢᠳᠡᠭ ᠠᠨᠭᠬᠢ ᠶᠢᠨ ᠬᠠᠮᠵᠢᠯᠴᠠᠭ᠎ᠠ ᠳᠣᠣᠷ᠎ᠠ᠂ ᠫᠢᠩ ᠴᠢᠤᠸᠠᠨ ᠤ ᠲᠠᠢ ᠾᠧ  ᠳ᠋ᠠᠩ ᠤᠨ ᠵᠡᠭᠦᠨ ᠭᠤᠤ᠂ ᠳ᠋ᠠ ᠶᠢᠩᠽᠢ ᠶᠢᠨ ᠵᠡᠭᠦᠨ ᠬᠣᠶᠢᠲᠤ ᠳᠦ ᠰᠢᠶᠧ ᠵᠠᠩ ᠽᠢ ᠭᠧᠤ ᠶᠢ ᠰᠠᠬᠢᠨ ᠰᠠᠭᠤᠵᠤ ᠪᠠᠶᠢᠭᠰᠠᠨ ᠶᠠᠮᠠᠮᠤᠲ᠋ᠤ᠋ ᠶᠢᠨ ᠴᠡᠷᠢᠭ ᠢ ᠤᠰᠠᠳᠬᠠᠵᠤ᠂ ᠠᠩᠭᠢ ᠶᠢᠨ ᠳᠠᠷᠤᠭ᠎ᠠ ᠶᠠᠮᠠᠮᠤᠲ᠋ᠤ᠋ ᠪᠠ  ᠶᠠᠮᠠᠱᠢᠮᠠ ᠬᠢᠭᠡᠳ 20 ᠭᠠᠷᠤᠶ ᠶᠠᠫᠣᠨ ᠴᠡᠷᠢᠭ ᠢ ᠤᠰᠠᠳᠬᠠᠵᠠᠢ᠃  ᠭᠤᠤ ᠴᠢᠶᠤᠤ ᠂  ᠬᠤᠸᠠᠩ ᠶᠦᠨ ᠵᠡᠷᠭᠡ ᠶᠢᠨ ᠤᠳᠤᠷᠢᠳᠤᠯᠭ᠎ᠠ ᠳᠣᠣᠷ᠎ᠠ ᠂ 1943 ᠣᠨ ᠤ ᠨᠠᠮᠤᠷ ᠡᠪᠦᠯ ᠪᠣᠯᠬᠤ ᠳᠤ ᠵᠡᠭᠦᠨ ᠪᠠᠷᠠᠭᠤᠨ 600 ᠭᠠᠵᠠᠷ᠂ ᠡᠮᠦᠨ᠎ᠡ ᠤᠮᠠᠷ᠎ᠠ300  ᠭᠠᠵᠠᠷ  ᠤᠨ ᠬᠡᠪᠴᠢᠶᠡᠨ ᠳᠦ ᠨᠢᠭᠡᠨᠲᠡ ᠶᠠᠫᠤᠨ ᠢ ᠡᠰᠡᠷᠭᠦᠴᠡᠬᠦ ᠫᠠᠷᠲ᠋ᠢᠽᠠᠨ ᠰᠠᠭᠤᠷᠢᠨ ᠭᠠᠵᠠᠷ ᠪᠤᠢ ᠪᠣᠯᠣᠭᠰᠠᠨ ᠪᠠᠶᠢᠨ᠎ᠠ ᠃         1943 ᠣᠨ ᠤ ᠨᠠᠮᠤᠷ ᠂ ᠶᠠᠫᠣᠨ ᠬᠠᠭᠤᠷᠮᠠᠭ ᠴᠡᠷᠢᠭ  ᠴᠧᠩᠳ᠋ᠧ ᠫᠢᠩᠴᠤᠸᠠᠨ  ᠨᠢᠩᠴᠧᠩ ᠣᠷᠣᠨ ᠳᠤ ᠲᠤᠶᠢᠯ ᠤᠨ ᠬᠠᠷᠭᠢᠰ ᠪᠠᠯᠠᠮᠠᠳ 《 ᠭᠤᠷᠪᠠᠨ ᠬᠣᠭᠣᠰᠣᠯᠠᠬᠤ 》 ( ᠠᠯᠠᠵᠤ ᠬᠣᠭᠣᠰᠣᠯᠠᠬᠤ ᠂ ᠭᠠᠯᠳᠠᠵᠤ ᠬᠣᠭᠣᠰᠣᠯᠠᠬᠤ ᠂ ᠪᠤᠯᠢᠶᠠᠵᠤ ᠬᠣᠭᠣᠰᠣᠯᠠᠬᠤ ) ᠲᠦᠷᠦ ᠶᠢᠨ ᠪᠤᠳᠤᠯᠭ᠎ᠠ ᠶᠠᠪᠤᠭᠤᠯᠵᠤ ᠂ ᠂ 《 ᠬᠥᠮᠦᠨ ᠦᠭᠡᠢ ᠣᠷᠣᠨ 》 ᠢ ᠪᠤᠢ ᠪᠣᠯᠭᠠᠵᠤ ᠂  ᠭᠤᠤ ᠴᠢᠶᠤᠤ  ᠶᠢᠨ ᠴᠡᠷᠢᠭ ᠠᠩᠭᠢ ᠲᠤᠶᠢᠯ ᠤᠨ ᠶᠡᠬᠡ ᠪᠡᠷᠬᠡᠰᠢᠶᠡᠯ ᠲᠡᠶ ᠪᠠᠶᠢᠳᠠᠯ ᠳᠤ  ᠤᠷᠤᠭᠰᠠᠨ ᠪᠠᠶᠢᠨ᠎ᠠ ᠃ ᠵᠠᠷᠢᠮ ᠳᠠᠭᠠᠨ ᠬᠡᠳᠦᠨ ᠡᠳᠦᠷ ᠨᠢᠭᠡ ᠮᠥᠬᠥᠯᠢᠭ ᠠᠮᠤ ᠪᠤᠳᠠᠭ᠎ᠠ ᠣᠯᠵᠤ ᠢᠳᠡᠬᠦ ᠦᠭᠡᠢ ᠪᠠᠶᠢᠵᠤ ᠂ ᠦᠷᠭᠦᠯᠵᠢ ᠬᠡᠭᠡᠷ᠎ᠡ ᠶᠢᠨ ᠨᠣᠭᠣᠭ᠎ᠠ ᠬᠡᠭᠡᠷ᠎ᠡ ᠶᠢᠨ ᠵᠢᠮᠢᠰ ᠢᠶᠡᠷ ᠦᠯ ᠳᠠᠷᠤᠵᠤ᠂ ᠬᠤᠪᠴᠠᠰᠤ ᠬᠤᠨᠠᠷ  ᠨᠢ ᠴᠦ ᠨᠢᠮᠭᠡᠨ ᠪᠠᠶᠢᠵᠠᠢ᠃ ᠭᠡᠪᠡᠴᠦ  ᠭᠤᠤ ᠴᠢᠶᠤᠤ  ᠡᠷᠡᠰ ᠪᠠᠲᠤ ᠪᠠᠶᠢᠵᠤ ᠂ ᠪᠠᠶᠢᠯᠳᠤᠭᠴᠢᠳ ᠢ ᠤᠷᠳᠤ ᠵᠠᠮ ᠤᠨ ᠠᠶᠠᠨ ᠲᠠᠢᠢᠨ ᠤ ᠵᠣᠷᠢᠭ ᠰᠠᠨᠠᠭ᠎ᠠ ᠶᠢ ᠪᠠᠳᠠᠷᠠᠭᠤᠯᠵᠤ ᠂ ᠰᠢᠷᠭᠠᠭᠤ ᠬᠠᠲᠠᠭᠤᠵᠢᠯᠲᠠᠶ ᠲᠡᠮᠡᠴᠡᠬᠦ  ᠬᠡᠷᠡᠭᠲᠡᠢ ᠭᠡᠵᠦ ᠤᠷᠢᠶᠠᠯᠠᠭᠰᠠᠨ ᠪᠠᠶᠢᠨ᠎ᠠ᠃     1944 ᠣᠨ ᠤ2 ᠰᠠᠷ᠎ᠠ ᠶᠢᠨ5 ᠦ ᠡᠳᠦᠷ ᠡᠴᠡ6 ᠦ ᠡᠳᠦᠷ ᠪᠣᠯᠲᠠᠯ᠎ᠠ ᠂  ᠭᠤᠤ ᠴᠢᠶᠤᠤ ᠵᠡᠷᠭᠡ ᠤᠳᠤᠷᠢᠳᠬᠤ ᠬᠥᠮᠦᠰ ᠨᠠᠷᠢᠨ ᠨᠢᠭᠲᠠ ᠲᠥᠯᠥᠪᠯᠡᠭᠡ ᠬᠢᠵᠦ ᠂ ᠭᠤᠷᠪᠠᠳᠤᠭᠠᠷ  ᠲᠣᠭᠣᠷᠢᠭ ᠤᠨ ᠴᠡᠷᠢᠭ ᠠᠡᠭᠭᠢ ᠪᠠ ᠣᠷᠣᠨ ᠨᠤᠲᠤᠭ ᠤᠨ ᠺᠠᠳ᠋ᠷ ᠢ ᠳᠠᠭᠠᠭᠤᠯᠤᠨ ᠨᠢᠩᠴᠧᠩ ᠰᠢᠶᠠᠨ ( ᠤᠳᠤ ᠶᠢᠨ ᠰᠢᠶᠤᠤ ᠴᠧᠩ ᠽᠢ ) ᠤ ᠴᠠᠭᠳᠠᠭᠠᠨ ᠤ ᠵᠠᠬᠢᠷᠭ᠎ᠠ ᠂ ᠰᠢᠩ  ᠨᠥᠩ ᠬᠤᠷᠰᠢᠶ᠎ᠠ ᠂  ᠲᠤᠰᠬᠤᠨ ᠤ ᠠᠯᠪᠠᠨ ᠭᠠᠵᠠᠷ ᠢ ᠳᠠᠭᠠᠷᠢᠨ ᠰᠥᠨᠥᠭᠡᠵᠦ ᠂ ᠬᠠᠭᠤᠷᠮᠠᠭ ᠴᠠᠭᠳᠠᠭ᠎ᠠ ᠂ ᠬᠠᠭᠤᠷᠮᠠᠭ ᠠᠯᠪᠠᠨ ᠬᠠᠭᠠᠭᠴᠢᠳ ᠢ ᠤᠯᠠᠨ ᠬᠥᠮᠦᠨ ᠣᠯᠵᠠᠯᠠᠵᠤ ᠂ ᠨᠢᠭᠡ ᠪᠦᠯᠦᠭ ᠫᠤᠤ ᠵᠡᠪᠰᠡᠭ ᠰᠤᠮᠤ ᠲᠠᠷᠢ ᠪᠠ ᠶᠡᠬᠡ ᠬᠡᠮᠵᠢᠶᠡᠨ ᠦ ᠪᠦᠰ ᠪᠠᠷᠠᠭ᠎ᠠ ᠂ ᠣᠶᠢᠮᠣᠰᠤ ᠱᠠᠬᠠᠶ ᠬᠢᠭᠡᠳ 10 ᠭᠠᠷᠤᠶ ᠲᠦᠮᠡᠨ ᠲᠥᠭᠥᠷᠢᠭ ᠵᠣᠭᠣᠰ ᠣᠯᠵᠠᠯᠠᠵᠠᠢ ᠃ 3 ᠰᠠᠷ᠎ᠠ ᠶᠢᠨ 1  ᠦ ᠡᠳᠦᠷ ᠳᠠᠶᠢᠰᠤᠨ ᠣᠯᠠᠨ ᠴᠡᠷᠢᠭ ᠴᠠᠭᠳᠠᠭ᠎ᠠ ᠶᠠᠪᠤᠭᠤᠯᠵᠤ ᠴᠧᠩᠳ᠋ᠧ ᠫᠢᠩᠴᠤᠸᠠᠨ  ᠨᠢᠩᠴᠧᠩ ᠳᠤ ᠱᠦᠭᠦᠷᠳᠡᠯᠲᠡ ᠬᠢᠵᠦ᠂ ᠭᠤᠷᠪᠠᠳᠤᠭᠠᠷ ᠲᠣᠭᠣᠷᠢᠭ ᠤᠨ ᠴᠡᠷᠢᠭ ᠠᠡᠭᠭᠢ ᠶᠢᠨ ᠭᠣᠣᠯ ᠬᠦᠴᠦᠨ ᠪᠣᠭᠣᠮᠲᠠ ᠶᠢᠨ ᠳᠣᠲᠣᠷ᠎ᠠ ᠰᠢᠯᠵᠢᠨ ᠣᠴᠢᠵᠤ ᠂  ᠭᠤᠤ ᠴᠢᠶᠤᠤ ᠬᠣᠶᠠᠷ ᠠᠩᠭᠢ ᠦᠯᠡᠳᠡᠵᠦ ᠂ ᠨᠢᠩᠴᠧᠩ ᠤᠨ ᠠᠭᠤᠯᠠᠷᠬᠠᠭ ᠣᠷᠣᠨ ᠳᠤ ᠦᠷᠭᠦᠯᠵᠢᠯᠡᠨ ᠪᠠᠶᠢᠯᠳᠤᠵᠤ ᠪᠠᠶᠢᠪᠠ ᠃ ᠤᠳᠠᠯ ᠦᠭᠡᠢ ᠨᠢᠩᠴᠧᠩ  ᠤᠨ ᠶᠡᠬᠡ ᠵᠦᠩ ᠤᠨ ᠰᠢᠶᠤᠤ ᠵᠢᠩ ᠽᠢ ᠳᠤ ᠳᠠᠶᠢᠰᠤᠨ ᠤ ᠴᠡᠷᠢᠭ ᠲᠦ ᠪᠦᠰᠡᠯᠡᠭᠳᠡᠵᠡᠢ᠃ 3 ᠰᠠᠷ᠎ᠠ ᠶᠢᠨ 28  ᠤ ᠡᠳᠦᠷ  ᠭᠤᠤ ᠴᠢᠶᠤᠤ  ᠶᠢᠨ ᠴᠡᠷᠢᠭ ᠠᠩᠭᠢ ᠶᠢᠨ 22 ᠬᠥᠮᠦᠨ ᠬᠠᠭᠤᠴᠢᠨ ᠰᠠᠭᠤᠷᠢᠨ ᠭᠠᠵᠠᠷ ᠪᠤᠷᠭᠠᠰᠤᠲᠠᠢ ᠶᠢᠨ ᠯᠣᠣ ᠰᠢ ᠭᠧᠤ ᠳᠦ ᠠᠮᠠᠷᠠᠨ ᠴᠡᠭᠴᠡᠯᠡᠵᠦ  ᠪᠠᠶᠢᠪᠠ᠂ ᠡᠨᠡ ᠦᠶ᠎ᠡ ᠳᠦ  ᠭᠤᠤ ᠴᠢᠶᠤᠤ ᠨᠢᠭᠡᠨᠲᠡ ᠶᠠᠳᠠᠷᠠᠨ ᠵᠦᠳᠡᠷᠡᠵᠦ ᠡᠪᠡᠳᠴᠢᠨ ᠡᠮᠭᠡᠭ ᠲᠡᠶ ᠪᠣᠯᠵᠠᠢ ᠃ 3 ᠰᠠᠷ᠎ᠠ ᠶᠢᠨ 29  ᠦ ᠡᠳᠦᠷ ᠦᠨ ᠦᠳᠡ ᠶᠢᠨ ᠬᠣᠶᠢᠨ᠎ᠠ ᠂ ᠴᠠᠭᠳᠠᠭ᠎ᠠ ᠯᠢᠦ ᠴᠢ  ᠶᠢᠨ ᠴᠡᠷᠢᠭ ᠯᠣᠣ ᠰᠢ ᠭᠧᠤ ᠶᠢ ᠪᠦᠰᠡᠯᠡᠵᠡᠢ᠃  ᠭᠤᠤ ᠴᠢᠶᠤᠤ ᠪᠦᠰᠡᠯᠡᠯᠲᠡ ᠶᠢ ᠰᠢᠪᠲᠤᠯᠬᠤ ᠵᠠᠷᠯᠢᠭ ᠪᠠᠭᠤᠯᠭᠠᠵᠤ᠂ ᠬᠡᠰᠡᠭ ᠬᠥᠮᠦᠨ ᠠᠭᠤᠯᠠ ᠶᠢ ᠳᠠᠪᠠᠵᠤ ᠦᠶ᠎ᠡ ᠳᠦ ᠂ ᠲᠡᠷᠡ ᠲᠠᠬᠢᠨ ᠪᠣᠴᠠᠵᠤ ᠰᠤᠮᠤᠨ ᠳᠤ  ᠣᠨᠣᠭᠳᠠᠭᠰᠠᠨ ᠪᠢᠴᠢᠭᠡᠴᠢ ᠸᠠᠩ ᠬᠠᠨ ᠰᠠᠨ ᠢ ᠠᠪᠤᠷᠠᠬᠤ  ᠭᠡᠳ ᠵᠣᠯ ᠪᠤᠰᠤ ᠪᠠᠷ ᠥᠪᠡᠷ ᠢᠶᠡᠨ ᠪᠠᠰᠠ ᠰᠤᠮᠤᠨ ᠳᠤ ᠣᠨᠣᠭᠳᠠᠵᠤ ᠪᠡᠶ᠎ᠡ ᠦᠷᠡᠭᠳᠡᠵᠡᠶ ᠂ ᠲᠤᠬᠠᠶ ᠶᠢᠨ ᠵᠢᠯ ᠭᠤᠴᠢᠨ ᠨᠠᠰᠤᠲᠠᠶ ᠪᠠᠶᠢᠪᠠ ᠃       ᠳᠠᠶᠢᠰᠤᠨ ᠲᠡᠭᠦᠨ ᠤ ᠲᠣᠯᠣᠭᠠᠢ ᠶᠢ ᠴᠠᠪᠴᠢᠵᠤ ᠂ ᠪᠤᠷᠬᠠᠨᠲᠤ ᠶᠢᠨ ᠴᠠᠭᠳᠠᠭᠠᠨ ᠤ ᠵᠠᠬᠢᠷᠭ᠎ᠠ ᠳᠦ  ᠠᠪᠠᠴᠢᠵᠤ ᠭᠠᠪᠢᠶ᠎ᠠ ᠱᠠᠩᠨᠠᠯ ᠠᠪᠣᠭᠰᠠᠨ ᠪᠥᠭᠡᠳ ᠲᠣᠯᠣᠭᠠᠶ ᠶᠢ ᠨᠢ ᠲᠤᠮᠦ ᠠᠮᠠᠰᠠᠷᠲᠦ ᠯᠣᠩᠬᠣ ᠳᠣᠲᠣᠷ᠎ᠠ ᠬᠢᠵᠦ ᠫᠢᠩ ᠴᠢᠤᠸᠠᠨ ᠂ ᠴᠧᠩᠳ᠋ᠧ ᠵᠡᠷᠭᠡ ᠭᠠᠵᠠᠷ ᠲᠤ 《 ᠤᠯᠠᠨ ᠳᠤ ᠴᠡᠭᠡᠷ ᠪᠣᠯᠭᠠᠨ ᠦᠵᠡᠭᠦᠯᠪᠡ 》᠂ ᠪᠠᠰᠠ ᠰᠡᠭᠦᠳᠡᠷᠯᠡᠵᠦ ᠰᠣᠨᠢᠨ ᠳᠡᠭᠡᠷ᠎ᠡ ᠨᠡᠶᠢᠲᠡᠯᠡᠵᠦ ᠶᠡᠬᠡ ᠪᠡᠷ ᠤᠬᠠᠭᠤᠯᠵᠤ ᠪᠠᠶᠢᠵᠠᠢ᠃     1945 ᠣᠨ ᠳᠤ ᠶᠠᠫᠣᠨ ᠪᠠᠭᠤᠵᠤ ᠥᠭᠭᠦᠭᠰᠡᠨ ᠦ ᠳᠠᠷᠠᠭ᠎ᠠ ᠂ ᠤᠤᠯ ᠤᠨ  ᠭᠤᠷᠪᠠᠳᠤᠭᠠᠷ ᠲᠣᠭᠣᠷᠢᠭ ᠤᠨ ᠤᠯᠤᠰ ᠲᠦᠷᠦ ᠶᠢᠨ ᠭᠡᠰᠢᠭᠦᠨ ᠂ ᠷᠸᠾᠸ ᠮᠤᠵᠢ ᠶᠢᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ ᠶᠠᠩ ᠢᠦᠢ ᠮᠢᠨ ᠣᠯᠠᠨ ᠲᠦᠮᠡᠨ ᠦ ᠳᠡᠮᠵᠢᠯᠭᠡ ᠪᠡᠷ ᠭᠤᠤ ᠴᠢᠶᠤᠤ ᠶᠢᠨ ᠲᠣᠯᠣᠭᠠᠢ ᠶᠢ ᠡᠷᠢᠨ ᠣᠯᠵᠤ ᠬᠥᠮᠦᠨ ᠲᠣᠮᠢᠯᠠᠨ ᠲᠣᠯᠣᠭᠠᠢ ᠪᠡᠶ᠎ᠡ ᠶᠢ ᠨᠢ ᠬᠠᠮᠲᠤ ᠣᠷᠣᠰᠢᠭᠤᠯᠵᠤ᠂ ᠨᠢᠩᠴᠧᠩ ᠰᠢᠶᠠᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠪᠤᠷᠬᠠᠨᠲᠤ ᠳᠤ ᠦᠪᠡᠳᠡᠭᠰᠢ ᠶᠡᠬᠡ ᠭᠠᠰᠢᠭᠤᠳᠠᠬᠤ ᠶᠡᠬᠡ ᠬᠤᠷᠠᠯ ᠬᠤᠷᠠᠯᠳᠤᠭᠤᠯᠪᠠ ᠃ 1954 ᠣᠨ ᠳᠤ ᠬᠡᠭᠦᠷ ᠢ ᠨᠢᠩᠴᠧᠩ ᠰᠢᠶᠠᠨ ᠤ ᠠᠷᠠᠳ ᠤᠨ ᠵᠠᠰᠠᠭ ᠤᠨ ᠣᠷᠳᠣᠨ ᠦ ᠰᠢᠨ᠎ᠡ ᠰᠠᠭᠤᠴᠠ  ᠲᠢᠶᠠᠨ ᠢ ᠪᠠᠯᠭᠠᠰᠤ ᠳᠦ ᠨᠡᠭᠦᠯᠭᠡᠵᠦ᠂ ᠭᠤᠤ ᠴᠢᠶᠤᠤ ᠳᠦ ᠪᠠᠭᠠᠲᠤᠷᠴᠤᠳ ᠤᠨ ᠣᠩᠭᠣᠨ ᠪᠠᠶᠢᠭᠤᠯᠤᠨ ᠥᠭᠴᠦ᠂  ᠭᠤᠤ ᠴᠢᠶᠤᠤ ᠪᠡᠶ᠎ᠡ ᠦᠷᠡᠭᠳᠡᠭᠰᠡᠨ ᠭᠠᠵᠠᠷ ᠢ  ᠭᠤᠤ ᠴᠢᠶᠤᠤ  ᠲᠣᠰᠬᠤᠨ ᠭᠡᠵᠦ ᠨᠡᠷᠡᠶᠢᠳᠪᠡ ᠃  
          