ᠵᠤᠤ ᠬᠣᠩ ᠡᠦ
  
2024/10/25
ᠵᠤᠤ ᠬᠣᠩ ᠡᠦ ( 1914 -1944 )     ᠵᠤᠤ ᠬᠣᠩ ᠡᠦ ᠂ ᠤᠤᠯ ᠨᠡᠷ᠎ᠡ ᠨᠢ ᠵᠤᠤ ᠹᠧᠩ ᠡᠦ ᠂ ᠡᠷᠡᠭᠲᠡᠶ ᠂ ᠬᠢᠲᠠᠳ ᠦᠨᠳᠦᠰᠦᠲᠡᠨ᠂ 1914 ᠣᠨ ᠳᠤ ᠴᠧᠩᠳ᠋ᠧ ᠰᠢᠶᠠᠨ ᠤ ᠰᠠᠨ ᠵᠢᠶᠠ ᠰᠢᠶᠠᠩ ᠤᠨ ᠾᠧ ᠵᠢᠶᠠ ᠲᠣᠰᠬᠣᠨ ᠳᠤ ᠲᠥᠷᠥᠵᠡᠢ᠃ ᠠᠬ᠎ᠠ ᠳᠡᠭᠦᠦ  ᠭᠤᠷᠪᠠᠭᠤᠯᠠ᠂ ᠬᠣᠩ ᠡᠦ  ᠬᠠᠮᠤᠭ ᠶᠡᠬᠡ ᠨᠢ ᠪᠠᠶᠢᠵᠠᠶ ᠂ ᠬᠠᠷ᠎ᠠ ᠪᠠᠭ᠎ᠠ ᠠᠴᠠ ᠨᠢ ᠠᠪᠠᠭ᠎ᠠ ᠡᠵᠢ ᠳᠦᠨᠢ ᠥᠭᠴᠦ ᠦᠷᠡᠴᠢᠯᠡᠭᠦᠯᠵᠡᠶ ᠃     1941 ᠣᠨ ᠳᠤ ᠰᠠᠨ ᠵᠢᠶᠠ ᠼᠦᠨ ᠲᠣᠰᠬᠣᠨ ᠤ ᠬᠠᠭᠤᠷᠮᠠᠭ ᠴᠠᠭᠳᠠᠭ᠎ᠠ  ᠶᠢᠨ ᠬᠤᠪᠢᠶᠠᠷᠢ ᠭᠠᠵᠠᠷ ᠥᠪᠡᠷ ᠢ ᠪᠡᠨ ᠬᠠᠮᠠᠭᠠᠯᠠᠬᠤ ᠬᠤᠷᠢᠶ᠎ᠠ ᠶᠢᠨ ᠭᠡᠰᠢᠭᠦᠨ ᠢᠶᠡᠷ ᠶᠠᠪᠤᠵᠤ ᠬᠣᠶᠠᠷ ᠰᠠᠷ᠎ᠠ ᠶᠢᠨ ᠳᠠᠷᠠᠭ᠎ᠠ ᠬᠤᠪᠢᠰᠬᠠᠯ ᠳᠤ ᠣᠷᠣᠯᠴᠠᠵᠤ ᠨᠠᠶᠮᠠᠨ ᠵᠠᠮ ᠤᠨ ᠴᠡᠷᠢᠭ ᠲᠦ ᠣᠷᠣᠪᠠ ᠃ 1942 ᠣᠨ ᠳᠤ ᠴᠧᠩᠳᠧ ᠶᠢᠨ ᠶᠠᠫᠣᠨ ᠢ ᠡᠰᠡᠷᠭᠦᠴᠡᠬᠦ ᠵᠠᠰᠠᠭ ᠤᠨ ᠣᠷᠳᠣᠨ ᠤ ᠭᠤᠷᠪᠠᠳᠤᠭᠠᠷ ᠲᠣᠭᠣᠷᠢᠭ ᠤᠨ ᠫᠠᠷᠲ᠋ᠢᠽᠠᠨ ᠠᠩᠭᠢ ᠶᠢᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠤ 70 ᠭᠠᠷᠤᠶ ᠬᠥᠮᠦᠨ ᠢ ᠳᠠᠭᠠᠭᠤᠯᠤᠨ ᠴᠧᠩᠳ᠋ᠧ ᠂ ᠫᠢᠨᠭᠴᠢᠦᠸᠠᠨ ᠂ ᠨᠢᠩᠴᠧᠩ ᠣᠷᠴᠢᠮ ᠢᠶᠠᠷ ᠠᠶᠠᠯᠠᠨ ᠪᠠᠶᠢᠯᠳᠤᠪᠠ ᠃     1943 ᠣᠨ ᠳᠤ ᠵᠣᠣ ᠬᠣᠩ ᠡᠦ ᠂ ᠵᠢᠢ ᠬᠤᠩ ᠡᠸ᠋ᠨ᠂ ᠬᠤᠤ ᠷᠦᠢ ᠲᠢᠩ  ᠤᠨ ᠫᠠᠷᠲ᠋ᠢᠽᠠᠨ ᠠᠡᠭᠬᠢ ᠲᠤᠬᠠᠶ ᠶᠢᠨ ᠭᠠᠵᠠᠷ ᠤᠨ ᠤᠯᠠᠭᠠᠨ ᠵᠢᠳᠠᠲᠤ ᠡᠪᠯᠡᠯ ᠲᠠᠢ ᠬᠠᠮᠲᠤᠷᠠᠨ᠂ ᠪᠤᠷᠬᠠᠨᠲᠤ ᠰᠠᠨ ᠴᠠ ᠺᠧᠤ ᠶᠢᠨ ᠬᠠᠭᠤᠷᠮᠠᠭ ᠴᠠᠭᠳᠠᠭ᠎ᠠ ᠶᠢᠨ ᠭᠠᠵᠠᠷ ᠢ ᠭᠡᠨᠡᠳᠡᠭᠦᠯᠦᠨ ᠳᠠᠭᠠᠷᠢᠵᠤ ᠨᠢᠭᠡ ᠪᠦᠯᠦᠭ ᠳᠠᠷᠢ ᠰᠤᠮᠤ ᠣᠯᠵᠠᠯᠠᠭᠰᠠᠨ ᠪᠠᠶᠢᠨ᠎ᠠ ᠃     1944 ᠣᠨ ᠤ2 ᠰᠠᠷ᠎ᠠ ᠶᠢᠨ6 ᠦ ᠡᠳᠦᠷ ᠵᠤᠤ ᠬᠣᠩ ᠡᠦ ᠪᠠᠰᠠ ᠴᠧᠨ ᠭᠧ ᠶᠢᠨ ᠳᠠᠭᠠᠭᠤᠯᠤᠭᠰᠠᠨ ᠬᠤᠤ ᠷᠦᠢ ᠲᠢᠩ ᠫᠠᠷᠲ᠋ᠢᠽᠠᠨ ᠴᠡᠷᠢᠭ ᠲᠠᠢ ᠬᠠᠮᠲᠤ ᠫᠢᠩ ᠴᠢᠤᠸᠠᠨ ᠬᠣᠶᠢᠲᠤ ᠶᠢᠩᠳᠤᠤᠷ ᠤᠨ ᠭᠤᠤ ᠶᠢᠨ ᠬᠠᠭᠤᠷᠮᠠᠭ ᠴᠠᠭᠳᠠᠭ᠎ᠠ ᠰᠠᠭᠤᠵᠤ ᠪᠠᠶᠢᠭ᠎ᠠ ᠭᠠᠵᠠᠷ ᠢ ᠭᠡᠨᠡᠳᠡᠭᠦᠯᠦᠨ ᠳᠠᠭᠠᠷᠢᠵᠤ ᠂ 7 ᠴᠠᠭᠳᠠᠭ᠎ᠠ ᠠᠯᠠᠵᠤ 20 ᠭᠠᠷᠤᠶ ᠶᠠᠪᠠᠭᠠᠨ ᠫᠤᠤ ᠰᠤᠮᠤ ᠳᠠᠷᠢ ᠪᠠ ᠪᠤᠰᠤᠳ ᠡᠳ᠋ ᠪᠣᠳᠠᠰ ᠣᠯᠵᠠᠯᠠᠵᠠᠶ ᠃      ᠶᠢᠩᠳᠤᠤᠷ ᠤᠨ ᠭᠤᠤ ᠶᠢᠨ ᠪᠠᠶᠢᠯᠳᠤᠭᠠᠨ ᠤ ᠳᠠᠷᠠᠭ᠎ᠠ ᠂ ᠵᠣᠣ ᠬᠣᠩ ᠡᠦ  ᠴᠡᠷᠢᠭ ᠢᠶᠡᠨ ᠳᠠᠭᠠᠭᠤᠯᠵᠤ ᠤᠮᠠᠷᠠᠰᠢ ᠶᠠᠫᠣᠨ ᠢ ᠡᠰᠡᠷᠭᠦᠴᠡᠬᠦ ᠰᠠᠭᠤᠷᠢᠨ ᠭᠠᠵᠠᠷ ᠪᠤᠷᠭᠠᠰᠤᠲᠠᠢ᠂ ᠭᠣᠸᠠᠨ ᠼᠠᠢ ᠭᠧᠦ ᠵᠦᠭ ᠳᠠᠶᠢᠯᠠᠵᠠᠢ᠃  ᠡᠨᠡ ᠦᠶ᠎ᠡ ᠳᠦ ᠲᠡᠷᠡ ᠳᠠᠶᠢᠴᠢᠨ ᠬᠠᠨᠢ ᠴᠧᠨ ᠭᠧ ᠪᠠ ᠬᠤᠤ ᠷᠦᠢ ᠲᠢᠩ ᠤᠨ ᠪᠡᠶ᠎ᠡ ᠦᠷᠡᠭᠳᠡᠭᠰᠡᠨ ᠴᠢᠮᠡᠭᠡ ᠶᠢ ᠰᠣᠨᠣᠰᠴᠤ ᠶᠡᠬᠡᠳᠡ ᠠᠭᠤᠷᠯᠠᠨ᠂  ᠭᠠᠭᠴᠠ ᠰᠡᠳᠬᠢᠯ ᠢᠶᠡᠷ ᠦᠰᠢᠶ᠎ᠡ ᠠᠪᠴᠤ ᠥᠭᠬᠦ ᠶᠢ ᠪᠣᠳᠣᠵᠠᠢ᠃ ᠲᠡᠷᠡ ᠪᠤᠷᠬᠠᠨᠲᠤ ᠶᠢᠨ ᠬᠠᠭᠤᠷᠮᠠᠭ ᠴᠠᠭᠳᠠᠭᠠᠨ ᠤ ᠭᠠᠵᠠᠷ  ᠲᠤ ᠵᠠᠬᠢᠳᠠᠯ ᠪᠢᠴᠢᠵᠦ᠂ ᠭᠤᠸᠠᠨ ᠼᠠᠢ ᠭᠧᠤ ᠳᠤ ᠰᠢᠶᠳᠪᠦᠷᠢᠲᠦ ᠪᠠᠶᠢᠯᠳᠤᠭᠠᠨ ᠬᠢᠬᠦ ᠪᠠᠷ ᠲᠠᠶᠢᠨ ᠵᠠᠷᠯᠠᠵᠠᠢ᠃ ᠵᠤᠤ ᠬᠣᠩ ᠡᠦ ᠶᠢᠨ ᠵᠠᠷᠯᠢᠭ ᠢᠶᠠᠷ  ᠪᠠᠶᠢᠯᠳᠤᠭᠴᠢᠳ ᠨᠢᠷᠤᠭᠤ ᠮᠣᠳᠣ ᠶᠢ ᠡᠪᠡᠰᠦᠨ ᠳᠡᠭᠡᠰᠦ ᠪᠡᠷ ᠣᠷᠢᠶᠠᠵᠤ᠂ ᠶᠡᠬᠡ ᠫᠤᠤ ᠶᠢ ᠳᠠᠭᠤᠷᠢᠶᠠᠯᠭᠠᠵᠤ ᠬᠡᠳᠦᠨ ᠬᠥᠮᠥᠨ ᠢᠶᠡᠷ ᠳᠠᠮᠨᠠᠭᠤᠯᠵᠤ ᠴᠡᠷᠢᠭ ᠤᠷᠤᠵᠠᠢ᠃ ᠪᠤᠷᠬᠠᠨᠲᠤ ᠶᠢᠨ ᠶᠠᠫᠣᠨ ᠬᠠᠭᠤᠷᠮᠠᠭ ᠴᠡᠷᠢᠭ ᠡᠭᠦᠨ ᠢ ᠦᠵᠡᠭᠡᠳ ᠨᠠᠢᠮᠠᠳᠤᠭᠠᠷ ᠵᠠᠮ ᠤᠨ ᠴᠡᠷᠢᠭ ᠬᠥᠮᠦᠨ ᠣᠯᠠᠨ ᠵᠡᠷ ᠵᠡᠪᠰᠡᠭ ᠬᠦᠴᠦᠷᠬᠡᠭ ᠭᠣᠣᠯ ᠬᠦᠴᠦᠨ ᠦ ᠴᠡᠷᠢᠭ ᠮᠠᠶ᠋ᠢᠭᠲᠠᠢ ᠪᠠᠶᠢᠨ᠎ᠠ ᠭᠡᠵᠦ ᠦᠵᠡᠭᠡᠳ ᠤᠭᠲᠤᠨ ᠪᠠᠶᠢᠯᠳᠤᠬᠤ ᠦᠭᠡᠶ ᠪᠠᠶᠢᠪᠠ     1944 ᠣᠨ ᠤ2 ᠰᠠᠷ᠎ᠠ ᠶᠢᠨ25 ᠦ ᠡᠳᠦᠷ ᠂ ᠵᠤᠤ ᠬᠣᠩ ᠡᠦ  ᠨᠢᠭᠡ ᠰᠠᠯᠠᠭ᠎ᠠ  ᠳᠥᠴᠢ᠂ ᠲᠠᠪᠢᠨ ᠬᠥᠮᠦᠨ ᠦ ᠡᠩᠨᠡᠭᠡ ᠶᠢ ᠳᠠᠭᠠᠭᠤᠯᠤᠨ ᠠᠭᠤᠯᠠᠨ ᠠᠴᠠ ᠭᠠᠷᠴᠤ ᠵᠠᠭᠦᠨᠰᠢ ‍ᠳᠠ ᠱᠤᠸᠠᠩ ᠮᠢᠶᠣᠣ ᠶᠢᠨ ᠯᠦᠩ ᠲᠠᠨ ᠭᠧᠦ ᠶᠢᠨ ᠯᠣᠣ ᠰᠢ ᠭᠧᠤ ᠬᠥᠷᠴᠦ᠂ ᠳᠠᠶᠢᠰᠤᠨ ᠤ ᠲᠥᠷᠪᠡ ᠂ ᠲᠠᠪᠤᠨ ᠵᠠᠭᠤᠨ ᠴᠡᠷᠢᠭ ᠲᠠᠢ ᠤᠴᠠᠷᠠᠭᠠᠳ 1 ᠡᠳᠦᠷ ᠪᠠᠶᠢᠯᠳᠤᠵᠤ᠂ ᠡᠴᠦᠰ ᠲᠤ ᠭᠠᠭᠴᠠ ᠬᠦ ᠰᠢᠩ ᠵᠦ ᠵᠡᠷᠭᠡ 6 ᠬᠥᠮᠦᠨ ᠪᠦᠰᠡᠯᠡᠯᠲᠡ ᠶᠢ ᠰᠢᠪᠲᠤᠯᠵᠤ᠂ ᠵᠣᠣ ᠬᠣᠩ ᠡᠦ ᠂  ᠪᠢᠩ ᠳ᠋ᠢᠩ ᠾᠥᠸᠧ( ᠤᠤᠯ ᠨᠡᠷ᠎ᠡ ᠨᠢ ᠭᠦᠩ ᠱᠤ᠋ ᠠᠨ ) ᠵᠡᠷᠭᠡ 18 ᠬᠥᠮᠦᠨ ᠣᠯᠵᠠᠯᠠᠭᠳᠠᠪᠠ ᠂ ᠪᠤᠰᠤᠳ ᠢ ᠨᠢ ᠴᠥᠮ ᠪᠡᠶ᠎ᠡ ᠦᠷᠡᠭᠳᠡᠵᠡᠶ ᠃      ᠳᠠᠶᠢᠰᠤᠨ ᠵᠤᠤ ᠬᠣᠩ ᠡᠦ  ᠨᠠᠷ ᠢ ᠪᠤᠷᠬᠠᠨᠲᠤ ᠶᠢᠨ ᠴᠠᠭᠳᠠᠭᠠᠨ ᠤ ᠵᠠᠬᠢᠷᠭ᠎ᠠ ᠳᠦ ᠠᠪᠠᠴᠢᠵᠤ ᠪᠠᠯᠠᠮᠠᠳ ᠡᠷᠡᠭᠦᠦ ᠂ ᠥᠳᠥᠭᠡᠨ ᠲᠠᠲᠠᠬᠤ ᠵᠡᠷᠭᠡ ᠠᠷᠭ᠎ᠠ ᠪᠠᠷᠢᠯ ᠢ ᠬᠡᠷᠡᠭᠯᠡᠭᠰᠡᠨ  ᠪᠣᠯᠪᠠᠴᠤ ᠲᠡᠳᠡ ᠬᠦᠴᠦᠷᠬᠡᠭ ᠦᠨ ᠡᠮᠦᠨ᠎ᠡ ᠬᠦᠵᠦᠭᠦᠦ ᠪᠥᠬᠥᠶᠢᠬᠦ ᠦᠭᠡᠢ ᠪᠠᠶᠢᠵᠠᠢ᠃  ᠬᠣᠵᠢᠮ ᠨᠢ ᠳᠠᠶᠢᠰᠤᠨ ᠡᠨᠡ 18 ᠬᠥᠮᠦᠨ ᠢ ᠠᠴᠢᠶᠠᠨ ᠤ ᠮᠠᠰᠢᠨ ᠢᠶᠠᠷ ᠪᠤᠷᠬᠠᠨᠲᠤ ᠶᠢᠨ ᠡᠮᠦᠨ᠎ᠡ ᠠᠪᠠᠴᠢᠵᠤ᠂ ᠴᠡᠭᠡᠵᠢᠨ ᠳᠡᠭᠡᠷ᠎ᠡ ᠨᠢ ᠵᠢᠳᠡ ᠲᠤᠯᠭᠠᠨ ᠨᠢᠭᠡᠳ ᠨᠢᠭᠡ ᠪᠡᠷ 《 ᠪᠠᠭᠤᠵᠤ ᠥᠭᠭᠦᠨ᠎ᠡ ᠤᠤ》ᠭᠡᠵᠦ ᠠᠰᠠᠭᠤᠵᠠᠢ᠃ ᠪᠠᠶᠯᠳᠤᠭᠴᠢᠳ ᠡᠷᠡᠰ ᠲᠠᠰᠤᠷᠬᠠᠶ ᠪᠠᠷ᠄ 《 ᠲᠠ ᠨᠠᠷ  ᠠᠯᠠᠪᠠᠯ ᠠᠯᠠ᠂ ᠶᠠᠭᠠᠬᠢᠭᠰᠠᠨ ᠴᠤ ᠪᠠᠭᠤᠵᠤ ᠥᠭᠬᠦ ᠦᠭᠡᠢ ! 》 ᠭᠡᠵᠡᠢ᠃ ᠵᠤᠤ ᠬᠣᠩ ᠡᠦ ᠬᠠᠮᠤᠭ ᠲᠦᠷᠦᠭᠦᠨ ᠳᠦ ᠪᠡᠶ᠎ᠡ ᠦᠷᠡᠭᠳᠡᠵᠦ ᠂  ᠪᠠᠶᠢᠯᠳᠤᠭᠴᠢᠳ ᠴᠤ ᠨᠢᠭᠡᠳ ᠨᠢᠭᠡ ᠪᠡᠷ ᠳᠠᠶᠢᠰᠤᠨ ᠳᠤ ᠠᠯᠠᠭᠳᠠᠵᠠᠢ᠃     1983 ᠣᠨ ᠳᠤ ᠨᠢᠩᠴᠧᠩ ᠰᠢᠶᠠᠨ ᠤ ᠠᠷᠠᠳ ᠤᠨ ᠶᠠᠪᠤᠳᠠᠯ ᠤᠨ ᠲᠣᠪᠴᠢᠶ᠎ᠠ ᠶᠢᠨ ᠬᠢᠨ ᠦᠷᠡᠭᠳᠡᠭᠰᠡᠨ ᠪᠠᠭᠠᠲᠤᠷᠴᠤᠳ ᠤᠨ ᠬᠡᠭᠦᠷ ᠢ ᠪᠤᠷᠬᠠᠨᠲᠤ  ᠶᠢᠨ ᠪᠠᠭᠠᠲᠤᠷᠴᠤᠳ ᠤᠨ ᠣᠩᠭᠣᠨ ᠤ ᠭᠠᠵᠠᠷ ᠣᠷᠣᠰᠢᠭᠤᠯᠵᠠᠶ ᠃  
          