ᠭᠤᠤ ᠴᠢᠶᠤᠤ︵1914 -1944︶ | | ᠭᠤᠤ ᠴᠢᠶᠤᠤ ᠂ ᠡᠷᠡᠭᠲᠡᠶ ᠂ ᠬᠢᠲᠠᠳ ᠦᠨᠳᠦᠰᠦᠲᠡᠨ᠂ ᠡᠪ ᠬᠠᠮᠲᠤ | ᠨᠠᠮ ᠤᠨ ᠭᠡᠰᠢᠭᠦᠨ ᠃ ᠤᠤᠯ ᠨᠡᠷ᠎ᠡ ᠨᠢ ᠭᠤᠤ ᠮᠢᠩ ᠬᠠᠶ ᠭᠡᠳᠡᠭ ᠂ | ᠡᠷᠭᠦᠭᠰᠡᠨ ᠨᠡᠷ᠎ᠡ ᠵᠢᠩ ᠲᠢᠶᠠᠨ ᠭᠡᠳᠡᠭ ᠃ ᠭᠤᠤ ᠴᠢᠶᠤᠤ᠂ ᠰᠤ᠋ | ᠷᠠᠨ᠂ ᠰᠢᠥᠢ ᠸᠧᠨ ᠯᠢᠶᠠᠩ ᠭᠡᠵᠦ ᠨᠡᠷ᠎ᠡ ᠪᠤᠷᠤᠭᠤᠯᠠᠵᠤ | ᠥᠩᠭᠡᠷᠡᠵᠡᠢ᠃ | 1914 ᠣᠨ ᠳᠤ ᠡᠳᠦᠷ ᠯᠢᠶᠣᠤᠨᠢᠩ ᠮᠤᠵᠢ ᠶᠢᠨ ᠯᠢᠶᠤᠤᠶᠠᠩ ᠰᠢᠶᠠᠨ | ( ᠣᠳᠣ ᠶᠢᠨ ᠯᠢᠶᠤᠤᠶᠠᠩ ᠬᠤᠳᠠ ) ᠳᠤ ᠲᠥᠷᠥᠵᠡᠢ ᠂ ᠪᠠᠯᠴᠢᠷ | ᠨᠠᠰᠤᠨ ᠠᠴᠠ ᠪᠠᠨ ᠡᠴᠢᠭᠡ ᠪᠡᠨ ᠳᠠᠭᠠᠵᠤ ᠹᠸᠡᠭᠲ᠋ᠢᠶᠠᠨ ᠳᠤ | ᠨᠡᠭᠦᠵᠦ ᠰᠠᠭᠤᠷᠢᠰᠢᠵᠠᠢ ᠃ | 《 ᠶᠢᠰᠦᠳᠦᠭᠡᠷ ᠰᠠᠷ᠎ᠠ ᠶᠢᠨ ᠠᠷᠪᠠᠨ ᠨᠠᠶᠮᠠᠨ 》 ᠤ ᠬᠡᠷᠡᠭ | ᠬᠤᠪᠢᠰᠤᠯ ᠤᠨ ᠳᠠᠷᠠᠭ᠎ᠠ ᠶᠠᠫᠣᠨ ᠤ ᠡᠵᠡᠷᠬᠡᠭ | ᠲᠦᠷᠢᠮᠡᠭᠡᠶᠢᠳᠡᠨ ᠵᠡᠭᠦᠨ ᠬᠣᠶᠢᠲᠤ ᠣᠷᠣᠨ ᠢ | ᠲᠦᠷᠢᠮᠡᠬᠡᠶᠢᠯᠡᠨ ᠡᠵᠡᠯᠡᠵᠡᠢ᠃ ᠭᠤᠤ ᠴᠢᠶᠤᠤ ᠬᠠᠷᠢ ᠶᠢᠨ | ᠪᠤᠭᠤᠯ ᠪᠣᠯᠬᠤ ᠳᠤᠷ᠎ᠠ ᠦᠭᠡᠢ ᠪᠠᠶᠢᠵᠤ ᠂ ᠠᠩᠬ᠎ᠠ ᠵᠡᠷᠭᠡ ᠶᠢᠨ | ᠳᠤᠮᠳᠠᠳᠤ ᠰᠤᠷᠭᠠᠭᠤᠯᠢ ᠪᠠᠨ ᠲᠡᠭᠦᠰᠬᠦ ᠡᠴᠡ ᠡᠮᠦᠨ᠎ᠡ ᠾᠸᠪᠸᠢ | ᠮᠤᠵᠢ ᠶᠢᠨ ᠵᠡᠭᠦᠨ ᠬᠡᠰᠡᠭ ᠢᠶᠠᠷ ᠤᠯᠤᠰ ᠢᠶᠠᠨ ᠠᠪᠤᠷᠠᠬᠤ ᠵᠠᠮ | ᠮᠥᠷ ᠢ ᠬᠠᠶᠢᠵᠠᠢ᠃ 1934 ᠣᠨ ᠳᠤ ᠯᠦᠸᠧᠶᠠᠩ ᠳ᠋ᠥ ᠬᠦᠷᠴᠦ | ᠴᠡᠷᠢᠭ ᠦᠨ ᠣᠹᠢᠼᠧᠷ ᠦᠨ ᠳᠥᠷᠪᠡᠳᠦᠭᠡᠷ ᠬᠤᠭᠤᠴᠠᠭ᠎ᠠ ᠶᠢᠨ | ᠠᠩᠭᠢ ᠳᠤ ᠰᠤᠷᠤᠯᠴᠠᠵᠠᠢ᠃ ᠰᠤᠷᠤᠯᠭ᠎ᠠ ᠲᠡᠭᠦᠰᠦᠭᠰᠡᠨ ᠦ | ᠲᠠᠷᠠᠭ᠎ᠠ᠂ ᠭᠣᠮᠢᠨᠳᠠᠩ ᠤᠨ ᠴᠡᠷᠢᠭ ᠠᠩᠭᠢ ᠳᠤ ᠣᠴᠢᠵᠤ | ᠲᠤᠰᠢᠶᠠᠯ ᠡᠭᠦᠷᠭᠡᠯᠡᠭᠰᠡᠨ ᠦᠭᠡᠢ ᠬᠠᠷᠢᠨ ᠡᠾᠸᠪᠸᠢ ᠵᠢᠨ ᠵᠡᠭᠦᠨ | ᠬᠡᠰᠡᠭ ᠤᠨ ᠪᠣᠭᠣᠮᠲᠠ ( ᠲᠠᠩᠱᠠᠨ ) ᠳᠤ ᠬᠥᠯᠥᠰᠦᠨ ᠠᠵᠢᠯᠲᠠᠨ | ᠬᠢᠵᠡᠢ ᠃ | 1938 ᠣᠨ ᠤ ᠡᠬᠢ ᠪᠡᠷ ᠭᠤᠤ ᠴᠢᠶᠤᠤ ᠪᠣᠯᠤᠨ ᠬᠠᠭᠤᠷᠮᠠᠭ ᠾᠸᠪᠸᠢ | ᠮᠤᠵᠢ ᠶᠢᠨ ᠵᠡᠭᠦᠨ ᠬᠡᠰᠡᠭ ᠲᠡᠬᠢ ᠡᠪ ᠬᠠᠮᠲᠤ ᠨᠠᠮ ᠢ | ᠰᠡᠷᠭᠡᠶᠢᠯᠡᠬᠦ ᠥᠪᠡᠷᠲᠡᠭᠡᠨ ᠵᠠᠰᠠᠬᠤ ᠵᠠᠰᠠᠭ ᠤᠨ ᠣᠷᠳᠣᠨ ᠤ | ᠴᠠᠭᠳᠠᠭᠠᠨ ᠤ ᠶᠠᠪᠤᠳᠠᠯ ᠤᠨ ᠲᠢᠩᠬᠢᠮ ᠦᠨ ᠰᠠᠯᠠᠭᠠᠨ | ᠳᠠᠷᠤᠭ᠎ᠠ ᠵᠦ ᠰᠢᠨ ᠲᠤᠤ ( ᠳᠤᠮᠳᠠᠳᠤ ᠤᠯᠤᠰ ᠤᠨ ᠡᠪ ᠬᠠᠮᠲᠤ | ᠨᠠᠮ ᠤᠨ ᠨᠢᠭᠤᠴᠠ ᠭᠡᠰᠢᠭᠦᠨ ) ᠲᠠᠢ ᠬᠠᠷᠢᠯᠴᠠᠬᠤ ᠳᠤᠮᠳᠠ ᠪᠠᠨ | ᠳᠤᠮᠳᠠᠳᠤ ᠤᠯᠤᠰ ᠤᠨ ᠡᠪ ᠬᠠᠮᠲᠤ ᠨᠠᠮ ᠤᠨ ᠾᠸᠪᠸᠢ ᠮᠤᠵᠢ ᠶᠢᠨ | ᠨᠠᠮ ᠤᠨ ᠬᠣᠷᠢᠶᠠᠨ ᠤ ᠤᠳᠤᠷᠢᠳᠬᠤ ᠬᠥᠮᠦᠰ ᠦᠨ ᠨᠢᠭᠡ ᠪᠣᠯᠬᠤ ᠯᠢ | ᠴᠦ ᠯᠢ ᠲᠠᠢ ᠲᠠᠨᠢᠯᠴᠠᠵᠤ᠂ ᠲᠡᠷᠡ ᠦᠶ᠎ᠡ ᠡᠴᠡ ᠡᠬᠢᠯᠡᠨ ᠨᠠᠮ ᠤᠨ | ᠲᠥᠯᠥᠭᠡ ᠪᠠᠭ᠎ᠠ ᠰᠠᠭ᠎ᠠ ᠠᠵᠢᠯ ᠬᠢᠵᠦ ᠡᠬᠢᠯᠡᠵᠡᠢ᠃ ᠲᠤᠰ ᠵᠢᠯ | ᠳ᠋ᠦ᠋ᠨᠢ ᠯᠢ ᠴᠦ ᠯᠢ ᠶᠢᠨ ᠲᠠᠨᠢᠯᠴᠠᠭᠤᠯᠭ᠎ᠠ ᠪᠠᠷ ᠳᠤᠮᠳᠠᠳᠤ | ᠤᠯᠤᠰ ᠤᠨ ᠡᠪ ᠬᠠᠮᠲᠤ ᠨᠠᠮ ᠳᠤ ᠡᠯᠰᠡᠭᠳᠡᠵᠡᠢ᠃ 7 ᠰᠠᠷ᠎ᠠ ᠳᠤ | ᠵᠣᠬᠢᠶᠠᠨ ᠪᠠᠶᠢᠭᠤᠯᠤᠯᠲᠠ ᠶᠢᠨ ᠱᠠᠭᠠᠷᠳᠠᠯᠭ᠎ᠠ ᠶᠣᠰᠣᠭᠠᠷ ᠂ | ᠲᠡᠷᠡ ᠠᠭᠤᠯᠠ ᠤᠰᠤ ᠶᠢ ᠲᠤᠭᠤᠯᠵᠤ ᠯᠢ ᠶᠦᠨ ᠴᠠᠩ ᠢ ᠡᠷᠢᠵᠦ | ᠣᠯᠣᠨ᠂ ᠾᠸᠪᠸᠢ ᠵᠢᠨ ᠵᠡᠭᠦᠨ ᠬᠡᠰᠡᠭ ᠦᠨ ᠶᠠᠫᠣᠨ ᠢ | ᠡᠰᠡᠷᠭᠦᠴᠡᠬᠦ ᠵᠡᠪᠰᠡᠭᠲᠦ ᠪᠣᠰᠣᠯᠭ᠎ᠠ ᠳᠤ ᠣᠷᠣᠯᠴᠠᠵᠤ ᠂ | ᠤᠷᠢᠳᠠᠪᠠᠷ ᠶᠠᠫᠣᠨ ᠢ ᠡᠰᠡᠷᠭᠦᠴᠡᠬᠦ ᠬᠣᠯᠪᠣᠭᠠᠲᠤ ᠴᠡᠷᠢᠭ ᠦᠨ | ᠰᠧᠯᠢᠩᠪᠦ᠋ ᠶᠢᠨ ᠳᠣᠲᠣᠷ᠎ᠠ ᠪᠠᠶᠢᠯᠳᠤᠭᠠᠨ ᠤ ᠱᠲ᠋ᠠᠪᠴᠢ ᠶᠢᠨ | ᠲᠤᠰᠢᠶᠠᠯ ᠬᠠᠷᠢᠭᠤᠴᠠᠵᠤ ᠪᠠᠶᠢᠪᠠ ᠂ ᠰᠡᠭᠦᠯᠡᠷ ᠨᠢ ᠪᠠᠰᠠ | ᠲᠠᠪᠤᠳᠤᠭᠠᠷ ᠶᠡᠷᠦᠩᠬᠡᠶ ᠠᠩᠭᠢ ᠶᠢᠨ ᠳᠡᠳ᠋ ᠱᠲ᠋ᠠᠪ ᠤᠨ | ᠳᠠᠷᠤᠭ᠎ᠠ ᠂ ᠲᠠᠪᠤᠳᠤᠭᠠᠷ ᠳᠤᠮᠳᠠ ᠠᠩᠭᠢ ᠶᠢᠨ ᠳᠠᠷᠤᠭ᠎ᠠ | ᠪᠣᠯᠵᠠᠶ ᠃ | ᠾᠸᠪᠸᠢ ᠵᠢᠨ ᠵᠡᠭᠦᠨ ᠬᠡᠰᠡᠭ ᠲᠤ ᠶᠠᠫᠣᠨ ᠢ ᠡᠰᠡᠷᠭᠦᠴᠡᠬᠦ | ᠪᠣᠰᠣᠯᠭ᠎ᠠ ᠭᠠᠷᠭᠠᠭᠰᠠᠨ ᠤ ᠳᠠᠷᠠᠭ᠎ᠠ ᠂ ᠶᠠᠫᠣᠨ ᠴᠡᠷᠢᠭ ᠪᠠ | ᠬᠠᠭᠤᠷᠮᠠᠭ ᠴᠡᠷᠢᠭ ᠶᠠᠫᠣᠨ ᠢ ᠡᠰᠡᠷᠭᠦᠴᠡᠬᠦ ᠡᠩᠨᠡᠭᠡ ᠳᠤ | ᠪᠦᠰᠡᠯᠡᠨ ᠤᠰᠠᠳᠬᠠᠯᠲᠠ ᠱᠠᠯᠠᠪᠳᠠᠨ ᠬᠢᠵᠦ ᠲᠡᠮᠡᠴᠡᠯ ᠦᠨ | ᠣᠷᠴᠢᠨ ᠪᠠᠶᠢᠳᠠᠯ ᠨᠡᠩ ᠬᠠᠲᠠᠭᠤ ᠪᠡᠷᠬᠡᠰᠢᠶᠡᠯ ᠲᠡᠶ ᠪᠠᠶᠢᠪᠠ | ᠂ ᠭᠡᠪᠡᠴᠦ ᠭᠤᠤ ᠴᠢᠶᠤᠤ ᠶᠢᠨ ᠳᠠᠭᠠᠭᠤᠯᠤᠭᠰᠠᠨ ᠲᠠᠪᠤᠳᠤᠭᠠᠷ | ᠳᠤᠮᠳᠠ ᠠᠩᠭᠢ ᠨᠢ ᠬᠠᠷᠢᠨ ᠤᠯᠠᠮ ᠠᠮᠢᠳᠤᠯᠢᠭ ᠪᠠᠶᠢᠯᠳᠤᠵᠤ | ᠳᠠᠶᠢᠰᠤᠨ ᠳᠤ ᠴᠣᠬᠢᠯᠲᠠ ᠥᠭᠴᠦ ᠪᠠᠶᠢᠪᠠ᠃ 1939 ᠣᠨ ᠤ ᠵᠤᠨ ᠂ | ᠲᠡᠳᠡ ᠲᠢᠶᠠᠨᠵᠢᠨ ᠴᠢᠨ ᠬᠤᠸᠠᠩ ᠳ᠋ᠣᠣ ᠲᠡᠮᠦᠷ ᠵᠠᠮ ᠢ ᠳᠠᠪᠠᠵᠤ | ᠂ ᠽᠸᠩ ᠵᠢᠶᠠ ᠸᠠᠨ ᠤ ᠰᠠᠭᠤᠷᠢᠨ ᠭᠠᠵᠠᠷ ᠢ ᠳᠠᠭᠠᠷᠢᠨ ᠴᠣᠬᠢᠵᠤ | ᠳᠠᠶᠢᠰᠤᠨ ᠤ ᠨᠢᠭᠡ ᠴᠠᠭᠳᠠᠭ᠎ᠠ ᠶᠢᠨ ᠳᠤᠮᠳᠠ ᠠᠩᠭᠢ ᠶᠢ | ᠤᠰᠠᠳᠬᠠᠵᠠᠢ᠃ ᠲᠤᠰ ᠵᠢᠯ ᠦᠨ ᠨᠠᠮᠤᠷ ᠾᠸᠪᠸᠢ ᠵᠢᠨ ᠵᠡᠭᠦᠨ | ᠬᠡᠰᠡᠭ ᠦᠨ ᠶᠠᠫᠣᠨ ᠢ ᠡᠰᠡᠷᠭᠦᠴᠡᠬᠦ ᠬᠣᠯᠪᠣᠭᠠᠲᠤ ᠴᠡᠷᠢᠭ ᠦᠨ | ᠡᠩᠨᠡᠭᠡ ᠶᠢ ᠨᠠᠶᠮᠠᠳᠤᠭᠠᠷ ᠵᠠᠮ ᠤᠨ ᠴᠡᠷᠢᠭ ᠤᠨ ᠬᠣᠷᠢᠨ | ᠨᠠᠶᠮᠠ ᠂ ᠬᠣᠷᠢ ᠶᠢᠰᠦ ᠂ ᠭᠤᠴᠢᠳᠤᠭᠠᠷ ᠬᠣᠷᠢᠶ᠎ᠠ ᠪᠣᠯᠭᠠᠨ | ᠥᠭᠡᠷᠡᠴᠢᠯᠡᠵᠦ ᠂ ᠭᠤᠤ ᠴᠢᠶᠤᠤ ᠬᠣᠷᠢᠨ ᠨᠠᠶᠮᠠᠳᠤᠭᠠᠷ | ᠬᠣᠷᠢᠶ᠎ᠠ ᠶᠢᠨ ᠨᠢᠭᠡᠳᠦᠭᠡᠷ ᠪᠠᠲ᠋ᠯᠢᠶᠣᠨ ᠤ ᠳᠠᠷᠤᠭ᠎ᠠ ᠶᠢᠨ | ᠲᠤᠰᠢᠶᠠᠯ ᠢ ᠡᠭᠦᠷᠭᠡᠯᠡᠪᠡ᠃ ᠴᠡᠷᠢᠭ ᠤᠨ ᠡᠩᠨᠡᠭᠡ ᠶᠢ | ᠥᠭᠡᠷᠡᠴᠢᠯᠡᠨ ᠪᠠᠶᠢᠭᠤᠯᠤᠭᠰᠠᠨ ᠤ ᠲᠠᠷᠠᠭ᠎ᠠ᠂ ᠫᠢᠩ ᠰᠢ ᠳᠦ | ᠣᠴᠢᠵᠤ ᠴᠡᠭᠴᠡᠯᠡᠨ ᠪᠣᠯᠪᠠᠰᠤᠷᠠᠭᠤᠯᠵᠤ ᠂ ᠳᠡᠮᠡᠶ ᠤᠳᠠᠭᠰᠠᠨ | ᠦᠭᠡᠢ ᠭᠤᠤ ᠴᠢᠶᠤᠤ ᠪᠠᠰᠠ ᠱᠠᠨ ᠰᠢ ᠴᠠᠬᠠᠷ ᠾᠸᠪᠸᠢ ᠵᠢᠨ ᠲᠥᠪ ᠦᠨ | ᠬᠤᠪᠢᠶᠠᠷᠢ ᠲᠣᠪᠴᠢᠶᠠᠨ ᠤ ᠨᠠᠮ ᠤᠨ ᠰᠤᠷᠭᠠᠭᠤᠯᠢ ᠳᠤ | ᠰᠤᠷᠤᠯᠴᠠᠪᠠ ᠃ | 1940 ᠣᠨ ᠤ ᠵᠤᠨ ᠡᠾᠸᠪᠸᠢ ᠮᠤᠵᠢ ᠶᠢᠨ ᠵᠡᠭᠦᠨ ᠬᠡᠰᠡᠭ ᠲᠦ | ᠠᠷᠪᠠᠨ ᠭᠤᠷᠪᠠᠳᠤᠭᠠᠷ ᠬᠣᠷᠢᠶ᠎ᠠ ᠪᠠᠶᠢᠭᠤᠯᠤᠭᠳᠠᠵᠤ᠂ ᠭᠤᠤ | ᠴᠢᠶᠤᠤ ᠨᠠᠮ ᠤᠨ ᠰᠤᠷᠭᠠᠭᠤᠯᠢ ᠡᠴᠡ ᠲᠡᠭᠦᠰᠴᠦ᠂ ᠠᠷᠪᠠᠨ | ᠭᠤᠷᠪᠠᠳᠤᠭᠠᠷ ᠬᠣᠷᠢᠶ᠎ᠠ ᠶᠢᠨ ᠨᠢᠭᠡᠳᠦᠭᠡᠷ ᠪᠠᠲ᠋ᠯᠢᠶᠣᠨ ᠤ | ᠳᠠᠷᠤᠭ᠎ᠠ ᠪᠣᠯᠵᠠᠶ ᠃ ᠠᠷᠪᠠᠨ ᠭᠤᠷᠪᠠᠳᠤᠭᠠᠷ ᠬᠣᠷᠢᠶ᠎ᠠ ᠨᠢ | ᠰᠢᠰᠢ ᠶᠢᠨ ᠲᠠᠷᠢᠶ᠎ᠠ ᠳᠦ ᠲᠦᠰᠢᠭᠯᠡᠨ ᠂ ᠥᠷᠭᠡᠨ | ᠳᠡᠯᠭᠡᠷᠡᠩᠭᠦᠶ ᠲᠠᠭᠠᠷᠢᠯᠳᠠ ᠬᠢᠵᠦ ᠂ ᠨᠢᠭᠡ ᠯᠡ | ᠠᠮᠢᠰᠬᠤᠭ᠎ᠠ ᠪᠠᠷ ᠵᠢᠶ ᠰᠢᠶᠠᠨ ᠂ ᠪᠤᠦᠳᠢ ᠰᠢᠶᠠᠨ ᠂ ᠢᠦᠶ | ᠲᠢᠶᠠᠨ ᠰᠢᠶᠠᠨ ᠵᠡᠷᠭᠡ ᠭᠤᠷᠪᠠᠨ ᠭᠣᠣᠯ ᠰᠢᠶᠠᠨ ᠤ ᠬᠠᠭᠤᠷᠮᠠᠭ | ᠴᠡᠷᠢᠭ ᠦᠨ ᠰᠠᠭᠤᠷᠢᠨ ᠢ ᠳᠠᠭᠠᠷᠢᠨ ᠡᠪᠳᠡᠵᠡᠢ᠃ 12 ᠰᠠᠷ᠎ᠠ ᠳᠤ ᠂ | ᠭᠤᠤ ᠴᠢᠶᠤᠤ ᠶᠢᠨ ᠴᠡᠷᠢᠭ ᠵᠠᠷᠯᠢᠭ ᠬᠦᠯᠢᠶᠡᠨ ᠳ᠋ᠠ ᠭᠤᠸᠠᠨ | ᠴᠢᠦᠶ ᠣᠷᠴᠢᠮ ᠶᠠᠫᠣᠨ ᠴᠡᠷᠢᠭ ᠤᠨ ᠨᠢᠭᠡᠨ ᠳᠤᠭᠤᠶ ᠲᠡᠷᠭᠡᠨ | ᠨᠤᠲᠤᠭ ᠴᠡᠪᠡᠷᠯᠡᠬᠦ ᠠᠡᠭᠬᠢ ᠶᠢ ᠪᠦᠭᠭᠦᠨ ᠴᠣᠬᠢᠵᠤ ᠨᠢᠭᠡ | ᠴᠠᠭ ᠤᠨ ᠳᠣᠲᠣᠷ᠎ᠠ ᠳᠠᠶᠢᠯᠠᠯᠳᠤᠭᠠᠨ ᠳᠠᠭᠤᠰᠴᠤ᠂ ᠨᠢᠭᠡᠨ | ᠶᠠᠫᠣᠨ ᠴᠡᠷᠢᠭ ᠳᠤᠲᠠᠭᠠᠭᠰᠠᠨ ᠠᠴᠠ ᠭᠠᠳᠠᠨ᠎ᠠ ᠂ ᠪᠤᠰᠤᠳ ᠨᠢ | ᠴᠥᠮ ᠰᠥᠨᠥᠭᠡᠭᠳᠡᠪᠡ ᠃ ᠫᠦ᠋ᠯᠸᠮᠶᠤᠲ ᠨᠢᠭᠡ ᠂ ᠭᠠᠷᠨᠠᠲᠠ | ᠰᠢᠳᠡᠬᠦ ᠬᠣᠩᠬᠢᠶ᠌ᠠ ᠬᠣᠶᠠᠷ ᠂ ᠬᠡᠳᠦᠨ ᠠᠷᠪᠠᠨ ᠫᠤᠤ ᠬᠡᠳᠦᠨ | ᠠᠷᠪᠠᠨ ᠳᠤᠭᠤᠶ ᠲᠡᠷᠭᠡ ᠣᠯᠵᠠᠯᠠᠵᠤ ᠂ ᠮᠠᠨ ᠤ ᠴᠡᠷᠢᠭ ᠨᠢᠭᠡ ᠴᠦ | ᠬᠥᠮᠦᠨ ᠦᠬᠦᠵᠦ ᠰᠢᠷᠬᠠᠲᠤᠭᠰᠠᠨ ᠦᠭᠡᠢ ᠪᠠᠶᠢᠵᠤ᠂ ᠳᠡᠭᠡᠳᠦ | ᠱᠠᠲᠤᠨ ᠤ ᠰᠠᠶᠢᠰᠢᠶᠠᠯ ᠢ ᠣᠯᠤᠭᠰᠠᠨ ᠪᠠᠶᠢᠨ᠎ᠠ ᠃ | 1941 ᠣᠨ ᠤ 3 ᠰᠠᠷ᠎ᠠ ᠳᠤ ᠭᠤᠤ ᠴᠢᠶᠤᠤ ᠂ ᠵᠧᠩ ᠽᠢ ᠮᠢᠩ ᠤᠨ | ᠤᠳᠤᠷᠢᠳᠤᠭᠰᠠᠨ ᠨᠢᠭᠡᠳᠦᠭᠡᠷ ᠪᠠᠲ᠋ᠯᠢᠶᠣᠨ ᠨᠢ《 ᠮᠤᠷᠤᠶ | ᠱᠤᠭᠤᠮ ᠢᠶᠠᠷ ᠤᠯᠤᠰ ᠢᠶᠠᠨ ᠠᠪᠤᠷᠠᠬᠤ 》 ᠭᠡᠳᠡᠭ ᠵᠧᠩ ᠵᠢᠦ | ᠷᠦ ᠶᠢᠨ ᠬᠣᠯᠢᠮᠠᠭ ᠵᠡᠪᠰᠡᠭᠲᠦ ᠬᠦᠴᠦᠨ ᠢ ᠲᠠᠷᠬᠠᠭᠠᠵᠠᠢ᠃ 4 | ᠰᠠᠷ᠎ᠠ ᠳᠤ ᠭᠤᠤ ᠴᠢᠶᠤᠤ ᠴᠡᠷᠢᠭ ᠠᠩᠭᠢ ᠪᠠᠨ ᠳᠠᠭᠠᠭᠤᠯᠤᠨ ᠢᠥᠢ | ᠲᠢᠶᠠᠨ ᠰᠢᠶᠠᠨ ᠤ ᠶᠠᠩ ᠵᠢᠶᠠ ᠪᠠᠨ ᠴᠢᠶᠤᠤ ᠲᠣᠰᠬᠤᠨ ᠤ ᠰᠢᠶᠤᠤ | ᠭᠤᠤ ᠵᠤᠸᠠᠩ ᠲᠣᠰᠬᠣᠨ ᠳᠤ ᠶᠠᠫᠣᠨ ᠴᠡᠷᠢᠭ ᠤᠨ3 ᠮᠠᠰᠢᠨ | ᠲᠡᠷᠭᠡ ᠶᠢ ᠳᠠᠭᠠᠷᠢᠨ ᠡᠪᠳᠡᠵᠡᠢ᠃ 5 ᠰᠠᠷ᠎ᠠ ᠳᠤ ᠭᠤᠤ ᠴᠢᠶᠤᠤ | ᠾᠸᠪᠸᠢ ᠵᠢᠨ ᠵᠡᠭᠦᠨ ᠬᠡᠰᠡᠭ ᠦᠨ ᠴᠡᠷᠢᠭ ᠦᠨ ᠬᠤᠪᠢᠶᠠᠷᠢ | ᠲᠣᠭᠣᠷᠢᠭ ᠤᠨ ᠰᠧᠯᠢᠩᠶᠤᠸᠠᠨ ᠯᠢ ᠶᠦᠨ ᠴᠠᠩ ᠤᠨ | ᠪᠡᠶ᠎ᠡ ᠪᠡᠷ ᠢᠶᠡᠨ ᠤᠳᠤᠷᠢᠳᠤᠭᠰᠠᠨ ᠴᠢᠥᠢ ᠯᠢᠶᠠᠩ ᠾᠧ ᠶᠢᠨ | ᠫᠠᠷᠲ᠋ᠢᠽᠠᠨ ᠳᠠᠢᠢᠨ ᠳᠦ ᠣᠷᠣᠯᠴᠠᠵᠠᠢ᠃ | 1942 ᠣᠨ ᠤ ᠬᠠᠪᠤᠷ ᠵᠤᠨ ᠤ ᠬᠣᠭᠣᠷᠣᠨᠳᠣ ᠭᠤᠤ ᠴᠢᠶᠤᠤ | ᠬᠢᠯᠢ ᠶᠢᠨ ᠫᠠᠶᠢᠰᠠ᠂ ᠱᠢ ᠺᠧ ᠱᠦ ᠶᠢᠨ ᠪᠦᠭᠭᠦᠨ ᠴᠣᠬᠢᠬᠤ | ᠪᠠᠶᠢᠯᠳᠤᠭᠠᠨ ᠳᠦ ᠪᠦᠷ ᠢᠯᠠᠯᠲᠠ ᠣᠯᠤᠭᠰᠠᠨ ᠪᠠᠶᠢᠨ᠎ᠠ ᠃ ᠲᠤᠰ | ᠵᠢᠯ ᠦᠨ ᠨᠠᠮᠤᠷ ᠭᠤᠤ ᠴᠢᠶᠤᠤ ᠠᠷᠪᠠᠨ ᠨᠢᠭᠡᠳᠦᠭᠡᠷ ᠬᠣᠷᠢᠶ᠎ᠠ | ᠳ᠋ᠥ ᠰᠢᠯᠵᠢᠵᠦ ᠱᠲ᠋ᠠᠪ ᠤᠨ ᠳᠠᠷᠤᠭ᠎ᠠ ᠪᠣᠯᠵᠠᠢ ᠃ 1942 ᠣᠨ ᠤ ᠵᠤᠨ | ᠾᠸᠪᠸᠢ ᠮᠤᠵᠢ ᠶᠢᠨ ᠵᠡᠭᠦᠨ ᠬᠡᠰᠡᠭ ᠦᠨ ᠬᠣᠷᠢᠶ᠎ᠠ ᠪᠠ | ᠴᠡᠷᠢᠭ ᠦᠨ ᠬᠤᠪᠢᠶᠠᠷᠢ ᠲᠣᠭᠣᠷᠢᠭ ᠠᠴᠠ ᠭᠤᠤ ᠴᠢᠶᠤᠤ ᠂ ᠵᠧᠦ | ᠵᠢᠶᠠ ᠮᠧᠶ ( ᠠᠷᠪᠠᠨ ᠬᠣᠶᠠᠳᠤᠭᠠᠷ ᠬᠣᠷᠢᠶ᠎ᠠ ᠶᠢᠨ ᠱᠲ᠋ᠠᠪ ᠤᠨ | ᠳᠠᠷᠤᠭ᠎ᠠ )᠂ ᠶᠠᠩ ᠰᠧ ᠯᠦ ᠲᠤᠰᠪᠦᠷᠢ ᠨᠢᠭᠡ ᠪᠦᠯᠦᠭ ᠴᠡᠷᠢᠭ ᠦᠨ | ᠭᠣᠣᠯ ᠬᠦᠴᠦᠨ ᠨᠡᠶᠢᠲᠡ 700 ᠭᠠᠷᠤᠶ ᠬᠥᠮᠦᠨ ᠢ ᠳᠠᠭᠠᠭᠤᠯᠵᠤ ᠂ | ᠴᠧᠩᠳ᠋ᠧ ᠂ ᠫᠢᠨᠭᠴᠢᠦᠸᠠᠨ ᠂ ᠨᠢᠩᠴᠧᠩ ᠵᠡᠷᠭᠡ ᠭᠠᠵᠠᠷ ᠣᠷᠣᠨ ᠳᠦ | ᠠᠵᠢᠯᠯᠠᠭ᠎ᠠ ᠥᠷᠨᠢᠭᠦᠯᠵᠦ᠂ ᠷᠸᠾᠸ ᠶᠢᠨ ᠠᠭᠤᠯᠠᠷᠬᠠᠭ ᠣᠷᠣᠨ ᠤ | ᠰᠠᠭᠤᠷᠢᠨ ᠭᠠᠵᠠᠷ ᠢ ᠪᠠᠶᠢᠭᠤᠯᠤᠭᠰᠠᠨ ᠪᠠᠶᠢᠨ᠎ᠠ ᠃ ᠡᠨᠡ ᠬᠦ | ᠭᠠᠵᠠᠷ ᠣᠷᠣᠨ ᠨᠢ ᠶᠠᠫᠣᠨ ᠬᠠᠭᠤᠷᠮᠠᠭ ᠮᠠᠨᠵᠤ ᠶᠢᠨ | ᠨᠣᠶᠠᠷᠬᠠᠯ ᠢ ᠬᠠᠮᠤᠭ ᠤᠨ ᠬᠠᠶᠢᠷ᠎ᠠ ᠨᠠᠶᠢᠷ ᠦᠭᠡᠢ | ᠬᠦᠷᠲᠡᠭᠰᠡᠨ ᠭᠠᠵᠠᠷ ᠣᠷᠣᠨ ᠪᠠᠶᠢᠵᠤ᠂ ᠶᠠᠫᠣᠨ ᠴᠡᠷᠢᠭ | ᠬᠠᠭᠤᠷᠮᠠᠭ ᠴᠡᠷᠢᠭ ᠦᠨ ᠬᠦᠴᠦ ᠣᠷᠣᠭᠤᠯᠤᠨ ᠪᠠᠶᠢᠭᠤᠯᠤᠭᠰᠠᠨ | ᠠᠷᠤ ᠲᠠᠯ᠎ᠠ ᠶᠢᠨ ᠰᠠᠭᠤᠷᠢᠨ ᠭᠠᠵᠠᠷ ᠪᠣᠯᠣᠨ᠎ᠠ᠃ ᠭᠤᠤ | ᠴᠢᠶᠤᠤ ᠶᠢᠨ ᠴᠡᠷᠢᠭ ᠬᠦᠷᠦᠭᠰᠡᠨ ᠦ ᠰᠡᠭᠦᠯᠡᠷ ᠂ 11 | ᠰᠠᠷ᠎ᠠ ᠶᠢᠨ13 ᠡᠴᠡ17 ᠬᠦᠷᠲᠡᠯ᠎ᠡ ᠰᠠᠨ ᠭᠸᠦ᠂ ᠬᠤᠸᠠᠩ ᠲᠦ | ᠯᠢᠶᠠᠩ ᠽᠢ᠂ ᠵᠢᠷᠭᠤᠳᠤᠭᠠᠷ ᠭᠤᠤ᠂ ᠳᠣᠯᠣᠳᠤᠭᠠᠷ ᠭᠤᠤ ᠶᠢᠨ 3 | ᠴᠠᠭᠳᠠᠭᠠᠨ ᠤ ᠵᠠᠬᠢᠷᠭ᠎ᠠ ᠪᠣᠯᠤᠨ 11 ᠴᠠᠭᠳᠠᠭ᠎ᠠ ᠶᠢᠨ | ᠬᠤᠪᠢᠶᠠᠷᠢ ᠭᠠᠵᠠᠷ᠂ ᠱᠠᠩ ᠭᠦ᠋ ᠂ ᠶᠦᠩ ᠾᠧ ᠬᠣᠶᠠᠷ ᠭᠠᠯᠲᠤ | ᠲᠡᠷᠭᠡᠨ ᠦᠷᠳᠡᠭᠡ ᠶᠢ ᠴᠣᠬᠢᠨ ᠡᠵᠡᠯᠡᠵᠦ ᠂ ᠶᠠᠪᠠᠭᠠᠨ ᠫᠤᠤ ᠭᠠᠷ | ᠫᠤᠤ 17 ᠵᠢᠴᠢ ᠦᠯᠡᠮᠵᠢ ᠠᠷᠪᠢᠨ ᠰᠤᠮᠤ ᠲᠠᠷᠢ᠂ ᠠᠮᠤ ᠪᠤᠳᠠᠭ᠎ᠠ ᠂ | ᠪᠦᠰ ᠪᠠᠷᠠᠭ᠎ᠠ ᠣᠯᠵᠠᠯᠠᠵᠠᠢ ᠃ ᠬᠦᠷᠦᠭᠰᠡᠨ ᠭᠠᠵᠠᠷ ᠪᠦᠬᠦᠨ ᠳᠦ | ᠴᠥᠮ《 ᠡᠵᠡᠷᠬᠡᠭ ᠲᠦᠷᠢᠮᠡᠬᠡᠶᠢᠲᠡᠨ ᠢ ᠴᠣᠬᠢᠨ ᠤᠨᠠᠭᠠᠶ᠎ᠠ》᠂《 | ᠳᠤᠮᠳᠠᠳᠤ ᠤᠯᠤᠰ ᠤᠨ ᠬᠥᠮᠦᠨ ᠦᠬᠦᠪᠡᠴᠦ ᠬᠠᠷᠢ ᠶᠢᠨ ᠪᠤᠭᠤᠯ | ᠪᠣᠯᠬᠤ ᠦᠭᠡᠢ 》ᠭᠡᠬᠦ ᠮᠡᠲᠦ ᠶᠢᠨ ᠤᠷᠢᠶ᠎ᠠ ᠯᠣᠽᠦ᠋ᠩ | ᠪᠢᠴᠢᠵᠦ《ᠠᠬ᠎ᠠ ᠳᠡᠭᠦᠦ ᠨᠡᠷ ᠲᠦ ᠥᠭᠬᠦ ᠪᠢᠴᠢᠭ 》ᠲᠠᠷᠬᠠᠭᠠᠵᠤ | ᠪᠠᠶᠢᠵᠠᠢ᠃ | ᠲᠤᠰ ᠵᠢᠯ ᠦᠨ 11 ᠰᠠᠷ᠎ᠠ ᠳᠤ ᠶᠠᠫᠣᠨ ᠬᠠᠭᠤᠷᠮᠠᠭ ᠴᠡᠷᠢᠭ 16 | ᠲᠦᠮᠡᠨ ᠭᠠᠷᠤᠶ ᠬᠥᠮᠦᠨ ᠢ ᠵᠣᠬᠢᠶᠠᠨ ᠪᠠᠶᠢᠭᠤᠯᠵᠤ ᠂ ᠶᠠᠫᠣᠨ ᠢ | ᠡᠰᠡᠷᠭᠦᠴᠡᠬᠦ ᠵᠡᠪᠰᠡᠭᠲᠦ ᠬᠦᠴᠦᠨ ᠢ ᠪᠦᠰᠡᠯᠡᠨ ᠴᠣᠬᠢᠵᠠᠢ᠂ | ᠲᠡᠭᠡᠭᠡᠳ ᠭᠣᠣᠯ ᠬᠦᠴᠦᠨ ᠴᠡᠷᠢᠭ ᠨᠢ ᠾᠸᠪᠸᠢ ᠵᠢᠨ ᠵᠡᠭᠦᠨ | ᠬᠡᠰᠡᠭ ᠲᠤ ᠪᠤᠴᠠᠵᠤ ᠂ ᠭᠤᠤ ᠴᠢᠶᠤᠤ ᠦᠯᠡᠳᠡᠭᠡᠭᠰᠡᠨ ᠠᠷᠪᠠᠨ | ᠨᠢᠭᠡᠳᠦᠭᠡᠷ ᠬᠣᠷᠢᠶᠠᠨ ᠤ ᠬᠣᠶᠠᠳᠤᠭᠠᠷ ᠰᠤᠮᠤ ᠪᠠ ᠠᠷᠪᠠᠨ | ᠬᠣᠶᠠᠳᠤᠭᠠᠷ ᠬᠣᠷᠢᠶᠠᠨ ᠤ ᠨᠢᠭᠡᠳᠦᠭᠡᠷ ᠰᠤᠮᠤ ᠶᠢᠨ ᠴᠡᠷᠢᠭ ᠢ | ᠳᠠᠭᠠᠭᠤᠯᠤᠨ ᠦᠷᠭᠦᠯᠵᠢᠯᠡᠨ ᠶᠠᠫᠣᠨ ᠢ ᠡᠰᠡᠷᠭᠦᠴᠡᠵᠦ᠂ | ᠴᠧᠩᠳ᠋ᠧ ᠫᠢᠩᠴᠤᠸᠠᠨ ᠨᠢᠩᠴᠧᠩ ᠦᠨ ᠵᠡᠪᠰᠡᠭᠲᠦ ᠠᠵᠢᠯᠯᠠᠬᠤ | ᠠᠩᠭᠢ ᠪᠠ ᠶᠠᠫᠣᠨ ᠢ ᠡᠰᠡᠷᠭᠦᠴᠡᠬᠦ ᠰᠠᠭᠤᠷᠢᠨ ᠭᠠᠵᠠᠷ ᠢ | ᠪᠠᠶᠢᠭᠤᠯᠵᠤ ᠪᠠᠶᠢᠵᠠᠢ᠃ | 1943 ᠣᠨ ᠤ 2 ᠰᠠᠷ᠎ᠠ ᠶᠢᠨ ᠡᠬᠢᠨ ᠳᠦ᠂ ᠭᠤᠤ ᠴᠢᠶᠤᠤ᠂ ᠵᠧᠦ ᡁᠢ | ᠭᠥᠸᠧ᠂ ᠶᠠᠨ ᠬᠠᠨ ᠴᠧᠨ ᠵᠡᠷᠭᠡ ᠬᠥᠮᠦᠰ ᠦᠨ ᠳᠠᠶᠢᠴᠢᠯᠠᠭᠰᠠᠨ | ᠵᠡᠪᠰᠡᠭᠲᠦ ᠠᠵᠢᠯᠯᠠᠬᠤ ᠠᠩᠭᠢ ᠨᠢ ᠭᠤᠸᠠᠩ ᠲᠸᠦ ᠱᠠᠨ | ᠠᠭᠤᠯᠠ ᠶᠢᠨ ᠪᠦᠰᠡᠯᠡᠯᠲᠡ ᠶᠢ ᠰᠢᠪᠲᠤᠯᠬᠤ ᠬᠠᠲᠠᠭᠤ ᠳᠠᠶᠢᠨ ᠢ | ᠥᠩᠭᠡᠷᠡᠭᠡᠵᠡᠢ᠃ 5 ᠰᠠᠷ᠎ᠠ ᠳᠤ ᠠᠮᠢᠳᠤᠯᠢᠭ ᠪᠠᠶᠢᠯᠳᠤᠬᠤ | ᠪᠣᠳᠣᠯᠭ᠎ᠠ ᠢᠶᠠᠷ ᠳᠠᠶᠢᠰᠤᠨ ᠳᠤ ᠴᠣᠬᠢᠯᠲᠠ ᠥᠭᠬᠦ ᠶᠢᠨ | ᠲᠥᠯᠥᠭᠡ᠂ ᠨᠠᠶᠮᠠᠳᠤᠭᠠᠷ ᠵᠠᠮ ᠤᠨ ᠴᠡᠷᠢᠭ ᠦᠨ ᠡᠾᠸᠪᠸᠢ ᠵᠢᠨ | ᠵᠡᠭᠦᠨ ᠬᠡᠰᠡᠭ ᠦᠨ ᠴᠡᠷᠢᠭ ᠦᠨ ᠬᠤᠪᠢᠶᠠᠷᠢ ᠲᠣᠭᠣᠷᠢᠭ ᠨᠢ | ᠭᠤᠷᠪᠠᠨ ᠲᠣᠭᠣᠷᠢᠭ ᠠᠡᠭᠭᠢ ᠵᠣᠬᠢᠶᠠᠨ ᠪᠠᠶᠢᠭᠤᠯᠬᠤ ᠪᠠᠷ | ᠲᠣᠭᠲᠠᠪᠠ᠃ ᠭᠤᠤ ᠴᠢᠶᠤᠤ ᠭᠤᠷᠪᠠᠨ ᠲᠣᠭᠣᠷᠢᠭ ᠠᠩᠭᠢ ᠶᠢᠨ | ᠳᠠᠷᠤᠭ᠎ᠠ ᠶᠢ ᠬᠠᠷᠢᠭᠤᠴᠠᠵᠤ ᠂ ᠬᠤᠸᠠᠩ ᠶᠦᠨ( ᠶᠠᠩ ᠢᠥᠢ ᠮᠢᠨ) | ᠤᠯᠤᠰ ᠲᠦᠷᠦ ᠶᠢᠨ ᠭᠡᠰᠢᠭᠦᠨ ᠂ ᠵᠧᠩ ᠽᠢ ᠮᠢᠩ ( ᠵᠧᠩ ᠸᠧᠶ ᠵᠢᠶᠠ) | ᠳᠡᠳ᠋ ᠤᠯᠤᠰ ᠲᠦᠷᠦ ᠶᠢᠨ ᠭᠡᠰᠢᠭᠦᠨ ᠢ ᠬᠠᠷᠢᠭᠤᠴᠠᠵᠠᠢ᠃ | ᠡᠭᠦᠨ ᠦ ᠵᠡᠷᠭᠡᠴᠡᠭᠡᠪᠡᠷ ᠂ ᠭᠤᠤ ᠴᠢᠶᠤᠤ ᠶᠢ ᠳᠤᠮᠳᠠᠳᠤ | ᠤᠯᠤᠰ ᠤᠨ ᠡᠪ ᠬᠠᠮᠲᠤ ᠨᠠᠮ ᠤᠨ ᠴᠧᠩᠳ᠋ᠧ ᠫᠢᠩᠴᠤᠸᠠᠨ ᠨᠢᠩᠴᠧᠩ | ᠬᠣᠯᠪᠣᠭᠠᠲᠤ ᠰᠢᠶᠠᠨ ᠤ ᠠᠵᠢᠯ ᠤᠨ ᠺᠣᠮᠢᠰ ᠤᠨ ᠪᠦᠷᠢᠯᠳᠦᠬᠦᠨ | ᠪᠣᠯᠭᠠᠬᠤ ᠪᠠᠷ ᠲᠣᠭᠲᠠᠵᠠᠢ᠃ 6 ᠰᠠᠷ᠎ᠠ ᠶᠢᠨ ᠡᠬᠢ ᠪᠡᠷ ᠭᠤᠤ | ᠴᠢᠶᠤᠤ ᠭᠤᠷᠪᠠᠨ ᠲᠣᠭᠣᠷᠢᠭ ᠠᠩᠭᠢ ᠶᠢᠨ ᠴᠡᠷᠢᠭ ᠢᠶᠡᠨ | ᠳᠠᠭᠠᠭᠤᠯᠤᠨ ᠴᠧᠩᠳ᠋ᠧ ᠶᠢᠨ ᠬᠢᠯᠢ ᠳᠣᠲᠣᠷᠠᠬᠢ ᠶᠠᠨ ᠲᠦᠩ | ᠱᠠᠨ ᠤ ᠮᠥᠩᠭᠥᠨ ᠠᠭᠤᠷᠬᠠᠶ ᠶᠢ ᠰᠠᠬᠢᠵᠤ ᠪᠠᠶᠢᠭ᠎ᠠ ᠶᠠᠫᠣᠨ | ᠬᠠᠭᠤᠷᠮᠠᠭ ᠴᠡᠷᠢᠭ ᠢ ᠳᠠᠭᠠᠷᠢᠭᠠᠳ 20 ᠭᠠᠷᠤᠶ ᠫᠤᠤ ᠪᠠ ᠨᠢᠭᠡ | ᠪᠦᠯᠦᠭ ᠡᠳ᠋ ᠪᠣᠳᠠᠰ ᠢ ᠣᠯᠵᠠᠯᠠᠭᠰᠠᠨ ᠪᠠᠶᠢᠨ᠎ᠠ᠃ ᠰᠡᠭᠦᠯᠡᠷ ᠨᠢ | ᠴᠧᠩᠳ᠋ᠧ ᠶᠢᠨ ᠠᠷᠪᠠᠨ ᠨᠢᠭᠡᠳᠦᠭᠡᠷ ᠭᠤᠤ᠂ ᠺᠧᠦ ᠵᠠᠩ ᠽᠢ | ᠣᠷᠴᠢᠮ ᠬᠡᠳᠦ ᠤᠳᠠᠭ᠎ᠠ ᠪᠠᠶᠢᠯᠳᠤᠵᠠᠢ᠃ 8 ᠰᠠᠷ᠎ᠠ ᠶᠢᠨ 16 ᠤ | ᠰᠥᠨᠢ ᠰᠠᠨ ᠽᠦᠸᠧ ᠳ᠋ᠢᠶᠠᠨ ᠤ ᠬᠠᠷ᠎ᠠ ᠲᠠᠮᠠᠬᠢ ᠶᠢᠨ | ᠳᠤᠭᠤᠶᠢᠯᠠᠩ ᠢ ᠭᠡᠨᠡᠳᠡᠭᠦᠯᠦᠨ ᠳᠠᠭᠠᠷᠢᠵᠤ ᠂ ᠶᠡᠬᠡ | ᠬᠡᠮᠵᠢᠶᠡᠨ ᠦ ᠡᠳ᠋ ᠪᠣᠳᠠᠰ ᠣᠯᠵᠠᠯᠠᠵᠤ᠂ ᠵᠠᠯᠭᠠᠭᠠᠳ ᠭᠣᠷᠣᠬ᠎ᠠ | ᠭᠣᠣᠯ ᠳᠤ ᠳᠠᠶᠢᠰᠤᠨ ᠤ ᠨᠢᠭᠡᠨ ᠰᠠᠯᠠᠭ᠎ᠠ ᠴᠡᠷᠢᠭ | ᠴᠠᠭᠳᠠᠭ᠎ᠠ ᠶᠢ ᠪᠦᠬᠦᠨ ᠢ ᠰᠥᠨᠥᠭᠡᠵᠡᠢ᠃ 8 ᠰᠠᠷ᠎ᠠ ᠶᠢᠨ 20 ᠤ | ᠡᠳᠦᠷ ᠂ ᠭᠤᠤ ᠴᠢᠶᠤᠤ ᠭᠤᠷᠪᠠᠨ ᠲᠣᠭᠣᠷᠢᠭ ᠴᠡᠷᠢᠭ ᠠᠩᠭᠢ ᠪᠠᠨ | ᠳᠠᠭᠠᠭᠤᠯᠵᠤ ᠫᠢᠩ ᠴᠢᠤᠸᠠᠨ ᠤ ᠴᠠᠩ ᠱᠧᠩ ᠭᠧᠤ ᠶᠢᠨ ᠫᠠᠨ ᠳ᠋ᠤᠤ | ᠯᠢᠶᠠᠩ ᠳᠤ ᠪᠦᠭᠭᠦᠵᠦ ᠂ ᠬᠠᠷᠠᠴᠢᠨ ᠳᠤᠮᠳᠠᠳᠤ ᠬᠣᠰᠢᠭᠤ ᠶᠢᠨ | ᠵᠣᠬᠢᠴᠠᠭᠤᠯᠤᠨ ᠡᠶᠡᠳᠡᠭᠦᠯᠬᠦ ᠨᠡᠶᠢᠭᠡᠮᠯᠢᠭ ᠦᠨ ᠬᠡᠷᠡᠭ | ᠡᠷᠬᠢᠯᠡᠭᠴᠢ ᠂ ᠶᠠᠫᠣᠨ ᠬᠥᠮᠥᠨ ᠨᠢᠰᠢᠨᠠ ᠨᠣᠪᠦ᠋ᠤᠤ ᠵᠢᠴᠢ 30 | ᠭᠠᠷᠤᠢ ᠶᠠᠫᠤᠨ ᠬᠠᠭᠤᠷᠮᠠᠭ ᠴᠡᠷᠢᠭ ᠢ ᠤᠰᠠᠳᠬᠠᠵᠠᠢ ᠃ 9 | ᠰᠠᠷ᠎ᠠ ᠶᠢᠨ 13 ᠡᠴᠡ 14 ᠬᠦᠷᠲᠡᠯ᠎ᠡ᠂ ᠭᠤᠤ ᠴᠢᠶᠤᠤ | ᠭᠤᠷᠪᠠᠳᠤᠭᠠᠷ ᠲᠣᠭᠣᠷᠢᠭ ᠤᠨ ᠴᠡᠷᠢᠭ ᠠᠩᠭᠢ ᠪᠠᠨ | ᠳᠠᠭᠠᠭᠤᠯᠵᠤ᠂ ᠲᠠᠪᠤᠳᠤᠭᠠᠷ ᠲᠣᠭᠣᠷᠢᠭ ᠤᠨ ᠨᠤᠲᠤᠭ ᠤᠨ | ᠰᠢᠯᠢᠳᠡᠭ ᠠᠨᠭᠬᠢ ᠶᠢᠨ ᠬᠠᠮᠵᠢᠯᠴᠠᠭ᠎ᠠ ᠳᠣᠣᠷ᠎ᠠ᠂ ᠫᠢᠩ | ᠴᠢᠤᠸᠠᠨ ᠤ ᠲᠠᠢ ᠾᠧ ᠳ᠋ᠠᠩ ᠤᠨ ᠵᠡᠭᠦᠨ ᠭᠤᠤ᠂ ᠳ᠋ᠠ ᠶᠢᠩᠽᠢ ᠶᠢᠨ | ᠵᠡᠭᠦᠨ ᠬᠣᠶᠢᠲᠤ ᠳᠦ ᠰᠢᠶᠧ ᠵᠠᠩ ᠽᠢ ᠭᠧᠤ ᠶᠢ ᠰᠠᠬᠢᠨ ᠰᠠᠭᠤᠵᠤ | ᠪᠠᠶᠢᠭᠰᠠᠨ ᠶᠠᠮᠠᠮᠤᠲ᠋ᠤ᠋ ᠶᠢᠨ ᠴᠡᠷᠢᠭ ᠢ ᠤᠰᠠᠳᠬᠠᠵᠤ᠂ | ᠠᠩᠭᠢ ᠶᠢᠨ ᠳᠠᠷᠤᠭ᠎ᠠ ᠶᠠᠮᠠᠮᠤᠲ᠋ᠤ᠋ ᠪᠠ ᠶᠠᠮᠠᠱᠢᠮᠠ ᠬᠢᠭᠡᠳ 20 | ᠭᠠᠷᠤᠶ ᠶᠠᠫᠣᠨ ᠴᠡᠷᠢᠭ ᠢ ᠤᠰᠠᠳᠬᠠᠵᠠᠢ᠃ ᠭᠤᠤ ᠴᠢᠶᠤᠤ ᠂ ᠬᠤᠸᠠᠩ | ᠶᠦᠨ ᠵᠡᠷᠭᠡ ᠶᠢᠨ ᠤᠳᠤᠷᠢᠳᠤᠯᠭ᠎ᠠ ᠳᠣᠣᠷ᠎ᠠ ᠂ 1943 ᠣᠨ ᠤ ᠨᠠᠮᠤᠷ | ᠡᠪᠦᠯ ᠪᠣᠯᠬᠤ ᠳᠤ ᠵᠡᠭᠦᠨ ᠪᠠᠷᠠᠭᠤᠨ 600 ᠭᠠᠵᠠᠷ᠂ ᠡᠮᠦᠨ᠎ᠡ | ᠤᠮᠠᠷ᠎ᠠ300 ᠭᠠᠵᠠᠷ ᠤᠨ ᠬᠡᠪᠴᠢᠶᠡᠨ ᠳᠦ ᠨᠢᠭᠡᠨᠲᠡ ᠶᠠᠫᠤᠨ ᠢ | ᠡᠰᠡᠷᠭᠦᠴᠡᠬᠦ ᠫᠠᠷᠲ᠋ᠢᠽᠠᠨ ᠰᠠᠭᠤᠷᠢᠨ ᠭᠠᠵᠠᠷ ᠪᠤᠢ ᠪᠣᠯᠣᠭᠰᠠᠨ | ᠪᠠᠶᠢᠨ᠎ᠠ ᠃ | 1943 ᠣᠨ ᠤ ᠨᠠᠮᠤᠷ ᠂ ᠶᠠᠫᠣᠨ ᠬᠠᠭᠤᠷᠮᠠᠭ ᠴᠡᠷᠢᠭ ᠴᠧᠩᠳ᠋ᠧ | ᠫᠢᠩᠴᠤᠸᠠᠨ ᠨᠢᠩᠴᠧᠩ ᠣᠷᠣᠨ ᠳᠤ ᠲᠤᠶᠢᠯ ᠤᠨ ᠬᠠᠷᠭᠢᠰ | ᠪᠠᠯᠠᠮᠠᠳ 《 ᠭᠤᠷᠪᠠᠨ ᠬᠣᠭᠣᠰᠣᠯᠠᠬᠤ 》 ( ᠠᠯᠠᠵᠤ ᠬᠣᠭᠣᠰᠣᠯᠠᠬᠤ | ᠂ ᠭᠠᠯᠳᠠᠵᠤ ᠬᠣᠭᠣᠰᠣᠯᠠᠬᠤ ᠂ ᠪᠤᠯᠢᠶᠠᠵᠤ ᠬᠣᠭᠣᠰᠣᠯᠠᠬᠤ ) | ᠲᠦᠷᠦ ᠶᠢᠨ ᠪᠤᠳᠤᠯᠭ᠎ᠠ ᠶᠠᠪᠤᠭᠤᠯᠵᠤ ᠂ ᠂ 《 ᠬᠥᠮᠦᠨ ᠦᠭᠡᠢ ᠣᠷᠣᠨ | 》 ᠢ ᠪᠤᠢ ᠪᠣᠯᠭᠠᠵᠤ ᠂ ᠭᠤᠤ ᠴᠢᠶᠤᠤ ᠶᠢᠨ ᠴᠡᠷᠢᠭ ᠠᠩᠭᠢ | ᠲᠤᠶᠢᠯ ᠤᠨ ᠶᠡᠬᠡ ᠪᠡᠷᠬᠡᠰᠢᠶᠡᠯ ᠲᠡᠶ ᠪᠠᠶᠢᠳᠠᠯ ᠳᠤ | ᠤᠷᠤᠭᠰᠠᠨ ᠪᠠᠶᠢᠨ᠎ᠠ ᠃ ᠵᠠᠷᠢᠮ ᠳᠠᠭᠠᠨ ᠬᠡᠳᠦᠨ ᠡᠳᠦᠷ ᠨᠢᠭᠡ | ᠮᠥᠬᠥᠯᠢᠭ ᠠᠮᠤ ᠪᠤᠳᠠᠭ᠎ᠠ ᠣᠯᠵᠤ ᠢᠳᠡᠬᠦ ᠦᠭᠡᠢ ᠪᠠᠶᠢᠵᠤ ᠂ | ᠦᠷᠭᠦᠯᠵᠢ ᠬᠡᠭᠡᠷ᠎ᠡ ᠶᠢᠨ ᠨᠣᠭᠣᠭ᠎ᠠ ᠬᠡᠭᠡᠷ᠎ᠡ ᠶᠢᠨ | ᠵᠢᠮᠢᠰ ᠢᠶᠡᠷ ᠦᠯ ᠳᠠᠷᠤᠵᠤ᠂ ᠬᠤᠪᠴᠠᠰᠤ ᠬᠤᠨᠠᠷ ᠨᠢ ᠴᠦ | ᠨᠢᠮᠭᠡᠨ ᠪᠠᠶᠢᠵᠠᠢ᠃ ᠭᠡᠪᠡᠴᠦ ᠭᠤᠤ ᠴᠢᠶᠤᠤ ᠡᠷᠡᠰ ᠪᠠᠲᠤ | ᠪᠠᠶᠢᠵᠤ ᠂ ᠪᠠᠶᠢᠯᠳᠤᠭᠴᠢᠳ ᠢ ᠤᠷᠳᠤ ᠵᠠᠮ ᠤᠨ ᠠᠶᠠᠨ ᠲᠠᠢᠢᠨ ᠤ | ᠵᠣᠷᠢᠭ ᠰᠠᠨᠠᠭ᠎ᠠ ᠶᠢ ᠪᠠᠳᠠᠷᠠᠭᠤᠯᠵᠤ ᠂ ᠰᠢᠷᠭᠠᠭᠤ | ᠬᠠᠲᠠᠭᠤᠵᠢᠯᠲᠠᠶ ᠲᠡᠮᠡᠴᠡᠬᠦ ᠬᠡᠷᠡᠭᠲᠡᠢ ᠭᠡᠵᠦ | ᠤᠷᠢᠶᠠᠯᠠᠭᠰᠠᠨ ᠪᠠᠶᠢᠨ᠎ᠠ᠃ | 1944 ᠣᠨ ᠤ2 ᠰᠠᠷ᠎ᠠ ᠶᠢᠨ5 ᠦ ᠡᠳᠦᠷ ᠡᠴᠡ6 ᠦ ᠡᠳᠦᠷ ᠪᠣᠯᠲᠠᠯ᠎ᠠ | ᠂ ᠭᠤᠤ ᠴᠢᠶᠤᠤ ᠵᠡᠷᠭᠡ ᠤᠳᠤᠷᠢᠳᠬᠤ ᠬᠥᠮᠦᠰ ᠨᠠᠷᠢᠨ ᠨᠢᠭᠲᠠ | ᠲᠥᠯᠥᠪᠯᠡᠭᠡ ᠬᠢᠵᠦ ᠂ ᠭᠤᠷᠪᠠᠳᠤᠭᠠᠷ ᠲᠣᠭᠣᠷᠢᠭ ᠤᠨ ᠴᠡᠷᠢᠭ | ᠠᠡᠭᠭᠢ ᠪᠠ ᠣᠷᠣᠨ ᠨᠤᠲᠤᠭ ᠤᠨ ᠺᠠᠳ᠋ᠷ ᠢ ᠳᠠᠭᠠᠭᠤᠯᠤᠨ ᠨᠢᠩᠴᠧᠩ | ᠰᠢᠶᠠᠨ ( ᠤᠳᠤ ᠶᠢᠨ ᠰᠢᠶᠤᠤ ᠴᠧᠩ ᠽᠢ ) ᠤ ᠴᠠᠭᠳᠠᠭᠠᠨ ᠤ | ᠵᠠᠬᠢᠷᠭ᠎ᠠ ᠂ ᠰᠢᠩ ᠨᠥᠩ ᠬᠤᠷᠰᠢᠶ᠎ᠠ ᠂ ᠲᠤᠰᠬᠤᠨ ᠤ ᠠᠯᠪᠠᠨ | ᠭᠠᠵᠠᠷ ᠢ ᠳᠠᠭᠠᠷᠢᠨ ᠰᠥᠨᠥᠭᠡᠵᠦ ᠂ ᠬᠠᠭᠤᠷᠮᠠᠭ ᠴᠠᠭᠳᠠᠭ᠎ᠠ ᠂ | ᠬᠠᠭᠤᠷᠮᠠᠭ ᠠᠯᠪᠠᠨ ᠬᠠᠭᠠᠭᠴᠢᠳ ᠢ ᠤᠯᠠᠨ ᠬᠥᠮᠦᠨ ᠣᠯᠵᠠᠯᠠᠵᠤ ᠂ | ᠨᠢᠭᠡ ᠪᠦᠯᠦᠭ ᠫᠤᠤ ᠵᠡᠪᠰᠡᠭ ᠰᠤᠮᠤ ᠲᠠᠷᠢ ᠪᠠ ᠶᠡᠬᠡ | ᠬᠡᠮᠵᠢᠶᠡᠨ ᠦ ᠪᠦᠰ ᠪᠠᠷᠠᠭ᠎ᠠ ᠂ ᠣᠶᠢᠮᠣᠰᠤ ᠱᠠᠬᠠᠶ ᠬᠢᠭᠡᠳ 10 | ᠭᠠᠷᠤᠶ ᠲᠦᠮᠡᠨ ᠲᠥᠭᠥᠷᠢᠭ ᠵᠣᠭᠣᠰ ᠣᠯᠵᠠᠯᠠᠵᠠᠢ ᠃ 3 ᠰᠠᠷ᠎ᠠ ᠶᠢᠨ | 1 ᠦ ᠡᠳᠦᠷ ᠳᠠᠶᠢᠰᠤᠨ ᠣᠯᠠᠨ ᠴᠡᠷᠢᠭ ᠴᠠᠭᠳᠠᠭ᠎ᠠ ᠶᠠᠪᠤᠭᠤᠯᠵᠤ | ᠴᠧᠩᠳ᠋ᠧ ᠫᠢᠩᠴᠤᠸᠠᠨ ᠨᠢᠩᠴᠧᠩ ᠳᠤ ᠱᠦᠭᠦᠷᠳᠡᠯᠲᠡ ᠬᠢᠵᠦ᠂ | ᠭᠤᠷᠪᠠᠳᠤᠭᠠᠷ ᠲᠣᠭᠣᠷᠢᠭ ᠤᠨ ᠴᠡᠷᠢᠭ ᠠᠡᠭᠭᠢ ᠶᠢᠨ ᠭᠣᠣᠯ | ᠬᠦᠴᠦᠨ ᠪᠣᠭᠣᠮᠲᠠ ᠶᠢᠨ ᠳᠣᠲᠣᠷ᠎ᠠ ᠰᠢᠯᠵᠢᠨ ᠣᠴᠢᠵᠤ ᠂ ᠭᠤᠤ | ᠴᠢᠶᠤᠤ ᠬᠣᠶᠠᠷ ᠠᠩᠭᠢ ᠦᠯᠡᠳᠡᠵᠦ ᠂ ᠨᠢᠩᠴᠧᠩ ᠤᠨ ᠠᠭᠤᠯᠠᠷᠬᠠᠭ | ᠣᠷᠣᠨ ᠳᠤ ᠦᠷᠭᠦᠯᠵᠢᠯᠡᠨ ᠪᠠᠶᠢᠯᠳᠤᠵᠤ ᠪᠠᠶᠢᠪᠠ ᠃ ᠤᠳᠠᠯ ᠦᠭᠡᠢ | ᠨᠢᠩᠴᠧᠩ ᠤᠨ ᠶᠡᠬᠡ ᠵᠦᠩ ᠤᠨ ᠰᠢᠶᠤᠤ ᠵᠢᠩ ᠽᠢ ᠳᠤ ᠳᠠᠶᠢᠰᠤᠨ ᠤ | ᠴᠡᠷᠢᠭ ᠲᠦ ᠪᠦᠰᠡᠯᠡᠭᠳᠡᠵᠡᠢ᠃ 3 ᠰᠠᠷ᠎ᠠ ᠶᠢᠨ 28 ᠤ ᠡᠳᠦᠷ ᠭᠤᠤ | ᠴᠢᠶᠤᠤ ᠶᠢᠨ ᠴᠡᠷᠢᠭ ᠠᠩᠭᠢ ᠶᠢᠨ 22 ᠬᠥᠮᠦᠨ ᠬᠠᠭᠤᠴᠢᠨ | ᠰᠠᠭᠤᠷᠢᠨ ᠭᠠᠵᠠᠷ ᠪᠤᠷᠭᠠᠰᠤᠲᠠᠢ ᠶᠢᠨ ᠯᠣᠣ ᠰᠢ ᠭᠧᠤ ᠳᠦ | ᠠᠮᠠᠷᠠᠨ ᠴᠡᠭᠴᠡᠯᠡᠵᠦ ᠪᠠᠶᠢᠪᠠ᠂ ᠡᠨᠡ ᠦᠶ᠎ᠡ ᠳᠦ ᠭᠤᠤ ᠴᠢᠶᠤᠤ | ᠨᠢᠭᠡᠨᠲᠡ ᠶᠠᠳᠠᠷᠠᠨ ᠵᠦᠳᠡᠷᠡᠵᠦ ᠡᠪᠡᠳᠴᠢᠨ ᠡᠮᠭᠡᠭ ᠲᠡᠶ | ᠪᠣᠯᠵᠠᠢ ᠃ 3 ᠰᠠᠷ᠎ᠠ ᠶᠢᠨ 29 ᠦ ᠡᠳᠦᠷ ᠦᠨ ᠦᠳᠡ ᠶᠢᠨ ᠬᠣᠶᠢᠨᠠ | ᠂ ᠴᠠᠭᠳᠠᠭ᠎ᠠ ᠯᠢᠦ ᠴᠢ ᠶᠢᠨ ᠴᠡᠷᠢᠭ ᠯᠣᠣ ᠰᠢ ᠭᠧᠤ ᠶᠢ | ᠪᠦᠰᠡᠯᠡᠵᠡᠢ᠃ ᠭᠤᠤ ᠴᠢᠶᠤᠤ ᠪᠦᠰᠡᠯᠡᠯᠲᠡ ᠶᠢ ᠰᠢᠪᠲᠤᠯᠬᠤ | ᠵᠠᠷᠯᠢᠭ ᠪᠠᠭᠤᠯᠭᠠᠵᠤ᠂ ᠬᠡᠰᠡᠭ ᠬᠥᠮᠦᠨ ᠠᠭᠤᠯᠠ ᠶᠢ ᠳᠠᠪᠠᠵᠤ | ᠦᠶ᠎ᠡ ᠳᠦ ᠂ ᠲᠡᠷᠡ ᠲᠠᠬᠢᠨ ᠪᠣᠴᠠᠵᠤ ᠰᠤᠮᠤᠨ ᠳᠤ ᠣᠨᠣᠭᠳᠠᠭᠰᠠᠨ | ᠪᠢᠴᠢᠭᠡᠴᠢ ᠸᠠᠩ ᠬᠠᠨ ᠰᠠᠨ ᠢ ᠠᠪᠤᠷᠠᠬᠤ ᠭᠡᠳ ᠵᠣᠯ ᠪᠤᠰᠤ ᠪᠠᠷ | ᠥᠪᠡᠷ ᠢᠶᠡᠨ ᠪᠠᠰᠠ ᠰᠤᠮᠤᠨ ᠳᠤ ᠣᠨᠣᠭᠳᠠᠵᠤ ᠪᠡᠶ᠎ᠡ | ᠦᠷᠡᠭᠳᠡᠵᠡᠶ ᠂ ᠲᠤᠬᠠᠶ ᠶᠢᠨ ᠵᠢᠯ ᠭᠤᠴᠢᠨ ᠨᠠᠰᠤᠲᠠᠶ ᠪᠠᠶᠢᠪᠠ ᠃ | ᠳᠠᠶᠢᠰᠤᠨ ᠲᠡᠭᠦᠨ ᠤ ᠲᠣᠯᠣᠭᠠᠢ ᠶᠢ ᠴᠠᠪᠴᠢᠵᠤ ᠂ | ᠪᠤᠷᠬᠠᠨᠲᠤ ᠶᠢᠨ ᠴᠠᠭᠳᠠᠭᠠᠨ ᠤ ᠵᠠᠬᠢᠷᠭ᠎ᠠ ᠳᠦ ᠠᠪᠠᠴᠢᠵᠤ | ᠭᠠᠪᠢᠶ᠎ᠠ ᠱᠠᠩᠨᠠᠯ ᠠᠪᠣᠭᠰᠠᠨ ᠪᠥᠭᠡᠳ ᠲᠣᠯᠣᠭᠠᠶ ᠶᠢ ᠨᠢ ᠲᠤᠮᠦ | ᠠᠮᠠᠰᠠᠷᠲᠦ ᠯᠣᠩᠬᠣ ᠳᠣᠲᠣᠷ᠎ᠠ ᠬᠢᠵᠦ ᠫᠢᠩ ᠴᠢᠤᠸᠠᠨ ᠂ ᠴᠧᠩᠳ᠋ᠧ | ᠵᠡᠷᠭᠡ ᠭᠠᠵᠠᠷ ᠲᠤ 《 ᠤᠯᠠᠨ ᠳᠤ ᠴᠡᠭᠡᠷ ᠪᠣᠯᠭᠠᠨ ᠦᠵᠡᠭᠦᠯᠪᠡ | 》᠂ ᠪᠠᠰᠠ ᠰᠡᠭᠦᠳᠡᠷᠯᠡᠵᠦ ᠰᠣᠨᠢᠨ ᠳᠡᠭᠡᠷ᠎ᠡ ᠨᠡᠶᠢᠲᠡᠯᠡᠵᠦ | ᠶᠡᠬᠡ ᠪᠡᠷ ᠤᠬᠠᠭᠤᠯᠵᠤ ᠪᠠᠶᠢᠵᠠᠢ᠃ | 1945 ᠣᠨ ᠳᠤ ᠶᠠᠫᠣᠨ ᠪᠠᠭᠤᠵᠤ ᠥᠭᠭᠦᠭᠰᠡᠨ ᠦ ᠳᠠᠷᠠᠭ᠎ᠠ ᠂ | ᠤᠤᠯ ᠤᠨ ᠭᠤᠷᠪᠠᠳᠤᠭᠠᠷ ᠲᠣᠭᠣᠷᠢᠭ ᠤᠨ ᠤᠯᠤᠰ ᠲᠦᠷᠦ ᠶᠢᠨ | ᠭᠡᠰᠢᠭᠦᠨ ᠂ ᠷᠸᠾᠸ ᠮᠤᠵᠢ ᠶᠢᠨ ᠵᠠᠰᠠᠭ ᠤᠨ ᠣᠷᠳᠣᠨ ᠤ ᠳᠡᠳ᠋ | ᠲᠡᠷᠢᠭᠦᠯᠡᠭᠴᠢ ᠶᠠᠩ ᠢᠦᠢ ᠮᠢᠨ ᠣᠯᠠᠨ ᠲᠦᠮᠡᠨ ᠦ | ᠳᠡᠮᠵᠢᠯᠭᠡ ᠪᠡᠷ ᠭᠤᠤ ᠴᠢᠶᠤᠤ ᠶᠢᠨ ᠲᠣᠯᠣᠭᠠᠢ ᠶᠢ ᠡᠷᠢᠨ ᠣᠯᠵᠤ | ᠬᠥᠮᠦᠨ ᠲᠣᠮᠢᠯᠠᠨ ᠲᠣᠯᠣᠭᠠᠢ ᠪᠡᠶ᠎ᠡ ᠶᠢ ᠨᠢ ᠬᠠᠮᠲᠤ | ᠣᠷᠣᠰᠢᠭᠤᠯᠵᠤ᠂ ᠨᠢᠩᠴᠧᠩ ᠰᠢᠶᠠᠨ ᠤ ᠵᠠᠰᠠᠭ ᠤᠨ ᠣᠷᠳᠣᠨ ᠤ | ᠰᠠᠭᠤᠭ᠎ᠠ ᠭᠠᠵᠠᠷ ᠪᠤᠷᠬᠠᠨᠲᠤ ᠳᠤ ᠦᠪᠡᠳᠡᠭᠰᠢ ᠶᠡᠬᠡ | ᠭᠠᠰᠢᠭᠤᠳᠠᠬᠤ ᠶᠡᠬᠡ ᠬᠤᠷᠠᠯ ᠬᠤᠷᠠᠯᠳᠤᠭᠤᠯᠪᠠ ᠃ 1954 ᠣᠨ ᠳᠤ | ᠬᠡᠭᠦᠷ ᠢ ᠨᠢᠩᠴᠧᠩ ᠰᠢᠶᠠᠨ ᠤ ᠠᠷᠠᠳ ᠤᠨ ᠵᠠᠰᠠᠭ ᠤᠨ ᠣᠷᠳᠣᠨ ᠦ | ᠰᠢᠨ᠎ᠡ ᠰᠠᠭᠤᠴᠠ ᠲᠢᠶᠠᠨ ᠢ ᠪᠠᠯᠭᠠᠰᠤ ᠳᠦ ᠨᠡᠭᠦᠯᠭᠡᠵᠦ᠂ ᠭᠤᠤ | ᠴᠢᠶᠤᠤ ᠳᠦ ᠪᠠᠭᠠᠲᠤᠷᠴᠤᠳ ᠤᠨ ᠣᠩᠭᠣᠨ ᠪᠠᠶᠢᠭᠤᠯᠤᠨ ᠥᠭᠴᠦ᠂ | ᠭᠤᠤ ᠴᠢᠶᠤᠤ ᠪᠡᠶ᠎ᠡ ᠦᠷᠡᠭᠳᠡᠭᠰᠡᠨ ᠭᠠᠵᠠᠷ ᠢ ᠭᠤᠤ ᠴᠢᠶᠤᠤ | ᠲᠣᠰᠬᠤᠨ ᠭᠡᠵᠦ ᠨᠡᠷᠡᠶᠢᠳᠪᠡ ᠃ | |