ᠵᠤᠤ ᠬᠣᠩ ᠡᠦ ( 1914 -1944 ) | | ᠵᠤᠤ ᠬᠣᠩ ᠡᠦ ᠂ ᠤᠤᠯ ᠨᠡᠷ᠎ᠡ ᠨᠢ ᠵᠤᠤ ᠹᠧᠩ ᠡᠦ ᠂ ᠡᠷᠡᠭᠲᠡᠶ ᠂ | ᠬᠢᠲᠠᠳ ᠦᠨᠳᠦᠰᠦᠲᠡᠨ᠂ 1914 ᠣᠨ ᠳᠤ ᠴᠧᠩᠳ᠋ᠧ ᠰᠢᠶᠠᠨ ᠤ ᠰᠠᠨ | ᠵᠢᠶᠠ ᠰᠢᠶᠠᠩ ᠤᠨ ᠾᠧ ᠵᠢᠶᠠ ᠲᠣᠰᠬᠣᠨ ᠳᠤ ᠲᠥᠷᠥᠵᠡᠢ᠃ ᠠᠬ᠎ᠠ | ᠳᠡᠭᠦᠦ ᠭᠤᠷᠪᠠᠭᠤᠯᠠ᠂ ᠬᠣᠩ ᠡᠦ ᠬᠠᠮᠤᠭ ᠶᠡᠬᠡ ᠨᠢ ᠪᠠᠶᠢᠵᠠᠶ ᠂ | ᠬᠠᠷ᠎ᠠ ᠪᠠᠭ᠎ᠠ ᠠᠴᠠ ᠨᠢ ᠠᠪᠠᠭ᠎ᠠ ᠡᠵᠢ ᠳᠦᠨᠢ ᠥᠭᠴᠦ | ᠦᠷᠡᠴᠢᠯᠡᠭᠦᠯᠵᠡᠶ ᠃ | 1941 ᠣᠨ ᠳᠤ ᠰᠠᠨ ᠵᠢᠶᠠ ᠼᠦᠨ ᠲᠣᠰᠬᠣᠨ ᠤ ᠬᠠᠭᠤᠷᠮᠠᠭ | ᠴᠠᠭᠳᠠᠭ᠎ᠠ ᠶᠢᠨ ᠬᠤᠪᠢᠶᠠᠷᠢ ᠭᠠᠵᠠᠷ ᠥᠪᠡᠷ ᠢ ᠪᠡᠨ | ᠬᠠᠮᠠᠭᠠᠯᠠᠬᠤ ᠬᠤᠷᠢᠶ᠎ᠠ ᠶᠢᠨ ᠭᠡᠰᠢᠭᠦᠨ ᠢᠶᠡᠷ ᠶᠠᠪᠤᠵᠤ | ᠬᠣᠶᠠᠷ ᠰᠠᠷ᠎ᠠ ᠶᠢᠨ ᠳᠠᠷᠠᠭ᠎ᠠ ᠬᠤᠪᠢᠰᠬᠠᠯ ᠳᠤ ᠣᠷᠣᠯᠴᠠᠵᠤ | ᠨᠠᠶᠮᠠᠨ ᠵᠠᠮ ᠤᠨ ᠴᠡᠷᠢᠭ ᠲᠦ ᠣᠷᠣᠪᠠ ᠃ 1942 ᠣᠨ ᠳᠤ | ᠴᠧᠩᠳᠧ ᠶᠢᠨ ᠶᠠᠫᠣᠨ ᠢ ᠡᠰᠡᠷᠭᠦᠴᠡᠬᠦ ᠵᠠᠰᠠᠭ ᠤᠨ ᠣᠷᠳᠣᠨ ᠤ | ᠭᠤᠷᠪᠠᠳᠤᠭᠠᠷ ᠲᠣᠭᠣᠷᠢᠭ ᠤᠨ ᠫᠠᠷᠲ᠋ᠢᠽᠠᠨ ᠠᠩᠭᠢ ᠶᠢᠨ | ᠳᠠᠷᠤᠭ᠎ᠠ ᠶᠢᠨ ᠲᠤᠰᠢᠶᠠᠯ ᠢ ᠬᠠᠷᠢᠭᠤᠴᠠᠵᠤ 70 ᠭᠠᠷᠤᠶ | ᠬᠥᠮᠦᠨ ᠢ ᠳᠠᠭᠠᠭᠤᠯᠤᠨ ᠴᠧᠩᠳ᠋ᠧ ᠂ ᠫᠢᠨᠭᠴᠢᠦᠸᠠᠨ ᠂ ᠨᠢᠩᠴᠧᠩ | ᠣᠷᠴᠢᠮ ᠢᠶᠠᠷ ᠠᠶᠠᠯᠠᠨ ᠪᠠᠶᠢᠯᠳᠤᠪᠠ ᠃ | 1943 ᠣᠨ ᠳᠤ ᠵᠣᠣ ᠬᠣᠩ ᠡᠦ ᠂ ᠵᠢᠢ ᠬᠤᠩ ᠡᠸ᠋ᠨ᠂ ᠬᠤᠤ ᠷᠦᠢ ᠲᠢᠩ | ᠤᠨ ᠫᠠᠷᠲ᠋ᠢᠽᠠᠨ ᠠᠡᠭᠬᠢ ᠲᠤᠬᠠᠶ ᠶᠢᠨ ᠭᠠᠵᠠᠷ ᠤᠨ ᠤᠯᠠᠭᠠᠨ | ᠵᠢᠳᠠᠲᠤ ᠡᠪᠯᠡᠯ ᠲᠠᠢ ᠬᠠᠮᠲᠤᠷᠠᠨ᠂ ᠪᠤᠷᠬᠠᠨᠲᠤ ᠰᠠᠨ ᠴᠠ | ᠺᠧᠤ ᠶᠢᠨ ᠬᠠᠭᠤᠷᠮᠠᠭ ᠴᠠᠭᠳᠠᠭ᠎ᠠ ᠶᠢᠨ ᠭᠠᠵᠠᠷ ᠢ | ᠭᠡᠨᠡᠳᠡᠭᠦᠯᠦᠨ ᠳᠠᠭᠠᠷᠢᠵᠤ ᠨᠢᠭᠡ ᠪᠦᠯᠦᠭ ᠳᠠᠷᠢ ᠰᠤᠮᠤ | ᠣᠯᠵᠠᠯᠠᠭᠰᠠᠨ ᠪᠠᠶᠢᠨ᠎ᠠ ᠃ | 1944 ᠣᠨ ᠤ2 ᠰᠠᠷ᠎ᠠ ᠶᠢᠨ6 ᠦ ᠡᠳᠦᠷ ᠵᠤᠤ ᠬᠣᠩ ᠡᠦ ᠪᠠᠰᠠ ᠴᠧᠨ | ᠭᠧ ᠶᠢᠨ ᠳᠠᠭᠠᠭᠤᠯᠤᠭᠰᠠᠨ ᠬᠤᠤ ᠷᠦᠢ ᠲᠢᠩ ᠫᠠᠷᠲ᠋ᠢᠽᠠᠨ ᠴᠡᠷᠢᠭ | ᠲᠠᠢ ᠬᠠᠮᠲᠤ ᠫᠢᠩ ᠴᠢᠤᠸᠠᠨ ᠬᠣᠶᠢᠲᠤ ᠶᠢᠩᠳᠤᠤᠷ ᠤᠨ ᠭᠤᠤ ᠶᠢᠨ | ᠬᠠᠭᠤᠷᠮᠠᠭ ᠴᠠᠭᠳᠠᠭ᠎ᠠ ᠰᠠᠭᠤᠵᠤ ᠪᠠᠶᠢᠭ᠎ᠠ ᠭᠠᠵᠠᠷ ᠢ | ᠭᠡᠨᠡᠳᠡᠭᠦᠯᠦᠨ ᠳᠠᠭᠠᠷᠢᠵᠤ ᠂ 7 ᠴᠠᠭᠳᠠᠭ᠎ᠠ ᠠᠯᠠᠵᠤ 20 ᠭᠠᠷᠤᠶ | ᠶᠠᠪᠠᠭᠠᠨ ᠫᠤᠤ ᠰᠤᠮᠤ ᠳᠠᠷᠢ ᠪᠠ ᠪᠤᠰᠤᠳ ᠡᠳ᠋ ᠪᠣᠳᠠᠰ | ᠣᠯᠵᠠᠯᠠᠵᠠᠶ ᠃ | ᠶᠢᠩᠳᠤᠤᠷ ᠤᠨ ᠭᠤᠤ ᠶᠢᠨ ᠪᠠᠶᠢᠯᠳᠤᠭᠠᠨ ᠤ ᠳᠠᠷᠠᠭ᠎ᠠ ᠂ ᠵᠣᠣ | ᠬᠣᠩ ᠡᠦ ᠴᠡᠷᠢᠭ ᠢᠶᠡᠨ ᠳᠠᠭᠠᠭᠤᠯᠵᠤ ᠤᠮᠠᠷᠠᠰᠢ ᠶᠠᠫᠣᠨ ᠢ | ᠡᠰᠡᠷᠭᠦᠴᠡᠬᠦ ᠰᠠᠭᠤᠷᠢᠨ ᠭᠠᠵᠠᠷ ᠪᠤᠷᠭᠠᠰᠤᠲᠠᠢ᠂ ᠭᠣᠸᠠᠨ ᠼᠠᠢ | ᠭᠧᠦ ᠵᠦᠭ ᠳᠠᠶᠢᠯᠠᠵᠠᠢ᠃ ᠡᠨᠡ ᠦᠶ᠎ᠡ ᠳᠦ ᠲᠡᠷᠡ ᠳᠠᠶᠢᠴᠢᠨ ᠬᠠᠨᠢ | ᠴᠧᠨ ᠭᠧ ᠪᠠ ᠬᠤᠤ ᠷᠦᠢ ᠲᠢᠩ ᠤᠨ ᠪᠡᠶ᠎ᠡ ᠦᠷᠡᠭᠳᠡᠭᠰᠡᠨ | ᠴᠢᠮᠡᠭᠡ ᠶᠢ ᠰᠣᠨᠣᠰᠴᠤ ᠶᠡᠬᠡᠳᠡ ᠠᠭᠤᠷᠯᠠᠨ᠂ ᠭᠠᠭᠴᠠ | ᠰᠡᠳᠬᠢᠯ ᠢᠶᠡᠷ ᠦᠰᠢᠶ᠎ᠡ ᠠᠪᠴᠤ ᠥᠭᠬᠦ ᠶᠢ ᠪᠣᠳᠣᠵᠠᠢ᠃ ᠲᠡᠷᠡ | ᠪᠤᠷᠬᠠᠨᠲᠤ ᠶᠢᠨ ᠬᠠᠭᠤᠷᠮᠠᠭ ᠴᠠᠭᠳᠠᠭᠠᠨ ᠤ ᠭᠠᠵᠠᠷ ᠲᠤ | ᠵᠠᠬᠢᠳᠠᠯ ᠪᠢᠴᠢᠵᠦ᠂ ᠭᠤᠸᠠᠨ ᠼᠠᠢ ᠭᠧᠤ ᠳᠤ ᠰᠢᠶᠳᠪᠦᠷᠢᠲᠦ | ᠪᠠᠶᠢᠯᠳᠤᠭᠠᠨ ᠬᠢᠬᠦ ᠪᠠᠷ ᠲᠠᠶᠢᠨ ᠵᠠᠷᠯᠠᠵᠠᠢ᠃ ᠵᠤᠤ ᠬᠣᠩ | ᠡᠦ ᠶᠢᠨ ᠵᠠᠷᠯᠢᠭ ᠢᠶᠠᠷ ᠪᠠᠶᠢᠯᠳᠤᠭᠴᠢᠳ ᠨᠢᠷᠤᠭᠤ ᠮᠣᠳᠣ ᠶᠢ | ᠡᠪᠡᠰᠦᠨ ᠳᠡᠭᠡᠰᠦ ᠪᠡᠷ ᠣᠷᠢᠶᠠᠵᠤ᠂ ᠶᠡᠬᠡ ᠫᠤᠤ ᠶᠢ | ᠳᠠᠭᠤᠷᠢᠶᠠᠯᠭᠠᠵᠤ ᠬᠡᠳᠦᠨ ᠬᠥᠮᠥᠨ ᠢᠶᠡᠷ ᠳᠠᠮᠨᠠᠭᠤᠯᠵᠤ | ᠴᠡᠷᠢᠭ ᠤᠷᠤᠵᠠᠢ᠃ ᠪᠤᠷᠬᠠᠨᠲᠤ ᠶᠢᠨ ᠶᠠᠫᠣᠨ ᠬᠠᠭᠤᠷᠮᠠᠭ ᠴᠡᠷᠢᠭ | ᠡᠭᠦᠨ ᠢ ᠦᠵᠡᠭᠡᠳ ᠨᠠᠢᠮᠠᠳᠤᠭᠠᠷ ᠵᠠᠮ ᠤᠨ ᠴᠡᠷᠢᠭ ᠬᠥᠮᠦᠨ ᠣᠯᠠᠨ | ᠵᠡᠷ ᠵᠡᠪᠰᠡᠭ ᠬᠦᠴᠦᠷᠬᠡᠭ ᠭᠣᠣᠯ ᠬᠦᠴᠦᠨ ᠦ ᠴᠡᠷᠢᠭ ᠮᠠᠶ᠋ᠢᠭᠲᠠᠢ | ᠪᠠᠶᠢᠨ᠎ᠠ ᠭᠡᠵᠦ ᠦᠵᠡᠭᠡᠳ ᠤᠭᠲᠤᠨ ᠪᠠᠶᠢᠯᠳᠤᠬᠤ ᠦᠭᠡᠶ ᠪᠠᠶᠢᠪᠠ | ᠃ | 1944 ᠣᠨ ᠤ2 ᠰᠠᠷ᠎ᠠ ᠶᠢᠨ25 ᠦ ᠡᠳᠦᠷ ᠂ ᠵᠤᠤ ᠬᠣᠩ ᠡᠦ ᠨᠢᠭᠡ | ᠰᠠᠯᠠᠭ᠎ᠠ ᠳᠥᠴᠢ᠂ ᠲᠠᠪᠢᠨ ᠬᠥᠮᠦᠨ ᠦ ᠡᠩᠨᠡᠭᠡ ᠶᠢ ᠳᠠᠭᠠᠭᠤᠯᠤᠨ | ᠠᠭᠤᠯᠠᠨ ᠠᠴᠠ ᠭᠠᠷᠴᠤ ᠵᠠᠭᠦᠨᠰᠢ ᠳᠠ ᠱᠤᠸᠠᠩ ᠮᠢᠶᠣᠣ ᠶᠢᠨ ᠯᠦᠩ | ᠲᠠᠨ ᠭᠧᠦ ᠶᠢᠨ ᠯᠣᠣ ᠰᠢ ᠭᠧᠤ ᠬᠥᠷᠴᠦ᠂ ᠳᠠᠶᠢᠰᠤᠨ ᠤ ᠲᠥᠷᠪᠡ ᠂ | ᠲᠠᠪᠤᠨ ᠵᠠᠭᠤᠨ ᠴᠡᠷᠢᠭ ᠲᠠᠢ ᠤᠴᠠᠷᠠᠭᠠᠳ 1 ᠡᠳᠦᠷ ᠪᠠᠶᠢᠯᠳᠤᠵᠤ᠂ | ᠡᠴᠦᠰ ᠲᠤ ᠭᠠᠭᠴᠠ ᠬᠦ ᠰᠢᠩ ᠵᠦ ᠵᠡᠷᠭᠡ 6 ᠬᠥᠮᠦᠨ | ᠪᠦᠰᠡᠯᠡᠯᠲᠡ ᠶᠢ ᠰᠢᠪᠲᠤᠯᠵᠤ᠂ ᠵᠣᠣ ᠬᠣᠩ ᠡᠦ ᠂ ᠪᠢᠩ ᠳ᠋ᠢᠩ | ᠾᠥᠸᠧ( ᠤᠤᠯ ᠨᠡᠷ᠎ᠡ ᠨᠢ ᠭᠦᠩ ᠱᠤ᠋ ᠠᠨ ) ᠵᠡᠷᠭᠡ 18 ᠬᠥᠮᠦᠨ | ᠣᠯᠵᠠᠯᠠᠭᠳᠠᠪᠠ ᠂ ᠪᠤᠰᠤᠳ ᠢ ᠨᠢ ᠴᠥᠮ ᠪᠡᠶ᠎ᠡ ᠦᠷᠡᠭᠳᠡᠵᠡᠶ ᠃ | ᠳᠠᠶᠢᠰᠤᠨ ᠵᠤᠤ ᠬᠣᠩ ᠡᠦ ᠨᠠᠷ ᠢ ᠪᠤᠷᠬᠠᠨᠲᠤ ᠶᠢᠨ | ᠴᠠᠭᠳᠠᠭᠠᠨ ᠤ ᠵᠠᠬᠢᠷᠭ᠎ᠠ ᠳᠦ ᠠᠪᠠᠴᠢᠵᠤ ᠪᠠᠯᠠᠮᠠᠳ ᠡᠷᠡᠭᠦᠦ ᠂ | ᠥᠳᠥᠭᠡᠨ ᠲᠠᠲᠠᠬᠤ ᠵᠡᠷᠭᠡ ᠠᠷᠭ᠎ᠠ ᠪᠠᠷᠢᠯ ᠢ ᠬᠡᠷᠡᠭᠯᠡᠭᠰᠡᠨ | ᠪᠣᠯᠪᠠᠴᠤ ᠲᠡᠳᠡ ᠬᠦᠴᠦᠷᠬᠡᠭ ᠦᠨ ᠡᠮᠦᠨ᠎ᠡ ᠬᠦᠵᠦᠭᠦᠦ | ᠪᠥᠬᠥᠶᠢᠬᠦ ᠦᠭᠡᠢ ᠪᠠᠶᠢᠵᠠᠢ᠃ ᠬᠣᠵᠢᠮ ᠨᠢ ᠳᠠᠶᠢᠰᠤᠨ ᠡᠨᠡ 18 | ᠬᠥᠮᠦᠨ ᠢ ᠠᠴᠢᠶᠠᠨ ᠤ ᠮᠠᠰᠢᠨ ᠢᠶᠠᠷ ᠪᠤᠷᠬᠠᠨᠲᠤ ᠶᠢᠨ | ᠡᠮᠦᠨ᠎ᠡ ᠠᠪᠠᠴᠢᠵᠤ᠂ ᠴᠡᠭᠡᠵᠢᠨ ᠳᠡᠭᠡᠷ᠎ᠡ ᠨᠢ ᠵᠢᠳᠡ ᠲᠤᠯᠭᠠᠨ | ᠨᠢᠭᠡᠳ ᠨᠢᠭᠡ ᠪᠡᠷ 《 ᠪᠠᠭᠤᠵᠤ ᠥᠭᠭᠦᠨ᠎ᠡ ᠤᠤ》ᠭᠡᠵᠦ | ᠠᠰᠠᠭᠤᠵᠠᠢ᠃ ᠪᠠᠶᠯᠳᠤᠭᠴᠢᠳ ᠡᠷᠡᠰ ᠲᠠᠰᠤᠷᠬᠠᠶ ᠪᠠᠷ᠄ 《 | ᠲᠠ ᠨᠠᠷ ᠠᠯᠠᠪᠠᠯ ᠠᠯᠠ᠂ ᠶᠠᠭᠠᠬᠢᠭᠰᠠᠨ ᠴᠤ ᠪᠠᠭᠤᠵᠤ ᠥᠭᠬᠦ | ᠦᠭᠡᠢ ! 》 ᠭᠡᠵᠡᠢ᠃ ᠵᠤᠤ ᠬᠣᠩ ᠡᠦ ᠬᠠᠮᠤᠭ ᠲᠦᠷᠦᠭᠦᠨ ᠳᠦ ᠪᠡᠶ᠎ᠡ | ᠦᠷᠡᠭᠳᠡᠵᠦ ᠂ ᠪᠠᠶᠢᠯᠳᠤᠭᠴᠢᠳ ᠴᠤ ᠨᠢᠭᠡᠳ ᠨᠢᠭᠡ ᠪᠡᠷ | ᠳᠠᠶᠢᠰᠤᠨ ᠳᠤ ᠠᠯᠠᠭᠳᠠᠵᠠᠢ᠃ | 1983 ᠣᠨ ᠳᠤ ᠨᠢᠩᠴᠧᠩ ᠰᠢᠶᠠᠨ ᠤ ᠠᠷᠠᠳ ᠤᠨ ᠶᠠᠪᠤᠳᠠᠯ ᠤᠨ | ᠲᠣᠪᠴᠢᠶ᠎ᠠ ᠶᠢᠨ ᠬᠢᠨ ᠦᠷᠡᠭᠳᠡᠭᠰᠡᠨ ᠪᠠᠭᠠᠲᠤᠷᠴᠤᠳ ᠤᠨ | ᠬᠡᠭᠦᠷ ᠢ ᠪᠤᠷᠬᠠᠨᠲᠤ ᠶᠢᠨ ᠪᠠᠭᠠᠲᠤᠷᠴᠤᠳ ᠤᠨ ᠣᠩᠭᠣᠨ ᠤ | ᠭᠠᠵᠠᠷ ᠣᠷᠣᠰᠢᠭᠤᠯᠵᠠᠶ ᠃ | |