ᠫᠧᠢ ᠶᠦᠨ ᠲᠢᠩ
ᠨᠡᠶᠢᠲᠡᠯᠡᠭᠰᠡᠨ ᠴᠠᠭ᠄
2024/10/25
ᠫᠧᠢ ᠶᠦᠨ ᠲᠢᠩ ( 1899-1945 )     ᠫᠧᠢ ᠶᠦᠨ ᠲᠢᠩ ᠂ ᠤᠷᠠᠯᠢᠭ ᠤᠨ ᠨᠡᠷ᠎ᠡ ᠨᠢ ᠮᠢᠩ ᠸᠠ ᠸᠠ᠂ ᠡᠷᠡᠭᠲᠡᠶ ᠂ ᠬᠢᠲᠠᠳ ᠦᠨᠳᠦᠰᠦᠲᠡᠨ᠂ 1899 ᠣᠨ ᠳᠤ ᠪᠡᠭᠡᠵᠢᠩ ᠳᠦ ᠲᠥᠷᠥᠵᠡᠢ᠂ ᠡᠴᠢᠭᠡ ᠨᠢ ᠫᠸᠢ ᠹᠦ᠋ ᠶᠤᠸᠠᠨ᠂ ᠡᠾᠸᠪᠸᠢ ᠪᠠᠩᠽᠢ ᠶᠢᠨ ᠲᠣᠭᠯᠠᠭᠴᠢ ᠃  ᠫᠧᠢ ᠶᠦᠨ ᠲᠢᠩ ᠠᠬ᠎ᠠ ᠳᠡᠭᠦᠦ ᠲᠠᠪᠤᠭᠤᠯᠠ ᠂  ᠣᠯᠠᠩᠬᠢ ᠨᠢ ᠤᠷᠠᠯᠢᠭᠴᠢᠨ ᠪᠠᠶᠢᠵᠤ᠂ ᠤᠷᠠᠯᠢᠭ ᠤᠨ ᠰᠤᠷᠪᠤᠯᠵᠢᠲᠤ ᠭᠡᠷ ᠪᠦᠯᠢ ᠪᠣᠯᠣᠭᠰᠠᠨ ᠪᠠᠶᠢᠵᠠᠢ᠃ ᠫᠧᠢ ᠶᠦᠨ ᠲᠢᠩ ᠬᠠᠷᠠᠬᠠᠨ ᠪᠠᠭ᠎ᠠ ᠠᠴᠠ ᠪᠠᠨ ᠭᠡᠷ ᠲᠡᠬᠡᠨ ᠵᠦᠴᠦᠭᠡ ᠰᠤᠷᠴᠤ ᠂ 9 ᠨᠠᠰᠤᠲᠠᠶ ᠳᠠᠭᠠᠨ ᠡᠾᠸᠪᠸᠢ ᠪᠠᠩᠽᠢ ᠵᠦᠴᠦᠭᠡ ᠶᠢᠨ ᠠᠩᠭᠢ ᠳᠤ ᠣᠷᠣᠵᠤ ᠡᠷᠡᠮᠡᠬᠡᠶ ᠪᠦᠰᠡᠳᠡᠨ  ᠢ ᠰᠤᠷᠴᠠᠢ ᠃  ᠲᠡᠷᠡ ᠪᠠᠭ᠎ᠠ ᠶᠢᠨ ᠦᠶ᠎ᠡ ᠳᠡᠬᠡᠨ ᠴᠣᠪᠣᠭᠣ ᠬᠥᠭᠡᠷᠦᠬᠦᠨ ᠰᠡᠴᠡᠨ ᠰᠡᠷᠭᠦᠯᠡᠩ ᠂ ᠬᠣᠭᠣᠯᠠᠶ ᠨᠢ ᠴᠡᠭᠡᠯᠬᠡᠨ ᠬᠠᠩᠭᠢᠨᠠᠨ᠎ᠠ ᠪᠠᠶᠢᠵᠤ᠂ ᠴᠢᠷᠮᠠᠶᠢᠨ ᠰᠤᠷᠤᠯᠴᠠᠵᠤ ᠰᠢᠷᠭᠠᠭᠤ ᠪᠣᠯᠪᠠᠰᠤᠷᠠᠳᠠᠭ ᠠᠴᠠ15 ᠨᠠᠰᠤᠲᠠᠢ ᠳᠠᠭᠠᠨ ᠵᠦᠴᠦᠭᠡ ᠶᠢᠨ ᠠᠩᠭᠢ ᠲᠡᠭᠦᠰᠴᠡᠢ᠂ ᠦᠷᠭᠦᠯᠵᠢ ᠪᠡᠭᠡᠵᠢᠩ  ᠤᠨ  ᠭᠤᠸᠠᠩ ᠾᠧ ᠠᠰᠠᠷ᠂ ᠲᠢᠶᠠᠨ ᠴᠢᠶᠤᠤ ᠵᠡᠷᠭᠡ ᠲᠢᠶᠠᠲ᠋ᠷ ᠲᠤ ᠲᠣᠭᠯᠠᠯᠲᠠ ᠭᠠᠷᠭᠠᠵᠤ ᠂ 《 ᠭᠤᠷᠪᠠᠳᠤᠭᠠᠷ ᠫᠠᠶᠢᠰᠠ 》 ᠡᠯᠭᠦᠵᠦ( ᠲᠡᠷᠡ ᠦᠶ᠎ᠡ ᠳᠦ ᠡᠮᠡᠭᠲᠡᠢ ᠶᠢᠨ ᠳᠦᠷᠢ᠂ ᠠᠬᠠᠮᠠᠳ ᠪᠦᠰᠡᠳᠡᠨ ᠨᠢ ᠲᠡᠷᠢᠭᠦᠨ  ᠫᠠᠶᠢᠰᠠ᠂ ᠬᠣᠶᠠᠳᠤᠭᠠᠷ ᠫᠠᠶᠢᠰᠠ  ᠡᠯᠭᠦᠳᠡᠭ) ᠦᠵᠡᠭᠴᠢᠳ ᠦᠨ ᠳᠤᠮᠳᠠ ᠨᠡᠯᠢᠶᠡᠳ ᠭᠦᠨ ᠰᠠᠭᠤᠭᠳᠠᠯ ᠦᠯᠡᠳᠡᠭᠡᠭᠰᠡᠨ ᠪᠠᠶᠢᠳᠠᠭ᠃     ᠴᠢᠩ ᠤᠯᠤᠰ ᠤᠨ ᠰᠡᠭᠦᠯᠴᠢ ᠶᠢᠨ ᠦᠶ᠎ᠡ ᠳᠦ 《 ᠫᠢ ᠬᠤᠸᠠᠩ ᠵᠦᠴᠦᠭᠡ 》 ( ᠪᠡᠭᠡᠵᠢᠩ ᠵᠦᠴᠦᠭᠡ  ) ᠣᠷᠳᠣᠨ ᠳᠤ ᠣᠷᠣᠵᠤ ᠂ ᠠᠷᠠᠳ ᠤᠨ ᠬᠣᠭᠣᠷᠣᠨᠳᠣ ᠴᠦ  ᠶᠡᠬᠡ ᠳᠡᠯᠭᠡᠷᠡᠭᠰᠡᠨ ᠪᠠᠶᠢᠨ᠎ᠠ᠂ ‍ᠫᠸᠢ ᠶᠦᠨ ᠲᠢᠩ ᠴᠦ ᠪᠡᠭᠡᠵᠢᠩ ᠵᠦᠴᠦᠭᠡ  ᠡᠬᠢᠯᠡᠨ ᠲᠣᠭᠯᠠᠭᠴᠢ ᠃     1917 ᠣᠨ ( ᠢᠷᠭᠡᠨ ᠤᠯᠤᠰ ᠤᠨ 6 ᠣᠨ ) ᠳᠦ ᠤᠯᠠᠭᠠᠨᠬᠠᠳᠠ ᠶᠢᠨ ᠬᠤᠳᠠᠯᠳᠤᠭᠠᠴᠢᠳ ᠤᠨ ᠡᠪᠯᠡᠯ ᠦᠨ ᠳᠠᠷᠤᠭ᠎ᠠ ᠶᠠᠩ  ᠽᠢ ᠪᠢᠨ ᠬᠢᠭᠡᠳ ᠴᠢᠩ ᠯᠦᠡᠭ  ᠫᠦᠰᠡ ᠶᠢᠨ ᠳᠠᠭᠠᠭᠠᠮᠠᠯ ᠰᠥᠩ ᠽᠢ ᠠᠨ ᠪᠡᠯᠡ ᠨᠡᠶᠢᠯᠡᠭᠦᠯᠦᠨ ᠤᠯᠠᠭᠠᠨᠬᠠᠳᠠ ᠳᠤ ᠵᠦᠴᠦᠭᠡ  ᠶᠢᠨ ᠠᠩᠭᠢ ᠵᠣᠬᠢᠶᠠᠨ ᠪᠠᠶᠢᠭᠤᠯᠵᠤ ᠂ ᠰᠠᠷ᠎ᠠ ᠪᠦᠷᠢ 500 ᠬᠡᠰᠡᠭ ᠮᠥᠩᠭᠥᠨ ᠵᠣᠭᠣᠰ ᠤᠨ ᠥᠨᠳᠥᠷ ᠴᠠᠯᠢᠩ ᠢᠶᠠᠷ ᠫᠧᠢ ᠶᠦᠨ ᠲᠢᠩ ᠢ ᠤᠷᠢᠵᠤ ᠲᠣᠭᠯᠠᠯᠲᠠ ᠭᠠᠷᠭᠠᠳᠠᠭ ᠪᠠᠶᠢᠵᠠᠢ᠃ ‍ᠫᠸᠢ ᠶᠦᠨ ᠲᠢᠩ ᠠᠩᠬ᠎ᠠ ᠢᠷᠡᠬᠦ ᠳᠡᠭᠡᠨ ᠂ ᠠᠷᠪᠠᠨ ᠨᠠᠶᠮᠠᠲᠠᠶ ᠪᠠᠶᠢᠵᠤ ᠂ ᠬᠤᠷᠴᠠ ᠰᠡᠷᠭᠦᠯᠡᠩ ᠴᠣᠪᠣᠭᠣ ᠬᠥᠭᠡᠷᠦᠬᠦᠨ ᠂ ᠦᠨᠳᠦᠰᠦᠨ ᠪᠣᠯᠪᠠᠰᠤᠷᠠᠯ ᠨᠢ ᠰᠠᠢᠢᠨ ᠂ ᠬᠣᠭᠣᠯᠠᠶ ᠨᠢ ᠰᠠᠶᠢᠨ ᠂ ᠲᠣᠭᠯᠠᠬᠤ ᠵᠦᠢᠯ ᠨᠢ ᠥᠷᠭᠡᠨ ᠪᠠᠶᠢᠵᠤ ᠂  ᠳᠠᠭᠤᠯᠠᠬᠤ  ᠪᠥᠵᠢᠭᠯᠡᠬᠦ  ᠵᠡᠪᠰᠡᠭ ᠦᠨ ᠡᠷᠳᠠᠮ ᠨᠢ ᠴᠦᠮ ᠰᠠᠶᠢᠨ ᠪᠠᠶᠢᠵᠤ᠂ ᠲᠣᠭᠯᠠᠯᠲᠠ ᠶᠢᠨ ᠲᠥᠯᠥᠭᠡ ᠦᠬᠦᠨ ᠴᠢᠷᠮᠠᠢ᠌ᠳᠠᠭ ᠪᠠᠶᠢᠭᠰᠠᠨ ᠠᠴᠠ ᠤᠯᠠᠭᠠᠨᠬᠠᠳᠠ ᠶᠢ ᠳᠣᠩᠰᠣᠯᠭᠠᠭᠰᠠᠨ ᠪᠠᠶᠢᠨ᠎ᠠ ᠃ ᠲᠡᠷᠡ ᠡᠷᠡᠮᠡᠬᠡᠶ ᠪᠦᠰᠡᠳᠡᠨ ᠂ ᠪᠢᠴᠢᠭ ᠴᠡᠷᠢᠭ ᠦᠨ ᠠᠬᠠᠮᠠᠳ ᠪᠦᠰᠡᠳᠡᠨ ‍ᠣ ᠵᠦᠴᠦᠭᠡ ᠶᠢ ᠲᠣᠭᠯᠠᠳᠠᠭ ᠮᠥᠷᠲᠡᠭᠡᠨ ᠪᠠᠰᠠ ᠪᠦᠦ ᠵᠧᠩ ᠵᠦᠴᠦᠭᠡ ᠂ ᠭᠤᠸᠠᠨ ᠬᠥᠩ ᠵᠦᠴᠦᠭᠡ ᠂ ᠵᠠᠯᠠᠭᠤ ᠪᠦᠰᠡᠳᠡᠨ ᠤ ᠵᠦᠴᠦᠭᠡ ᠶᠢ ᠴᠦ ᠲᠣᠭᠯᠠᠳᠠᠭ᠂ ᠬᠠᠮᠤᠭ ᠰᠠᠶᠢᠨ ᠲᠣᠭᠯᠠᠳᠠᠭ ᠨᠢ《 ᠳᠠᠮᠨᠠᠭᠤᠷ ᠲᠡᠷᠭᠡ ᠳᠠᠮᠨᠠᠭᠰᠠᠨ ᠨᠢ》᠂ ︽ᠰᠢᠷ᠎ᠠ ᠢᠷᠪᠢᠰ︾ ᠂《 ᠲᠠᠶᠢᠪᠣᠩ ᠤᠨ ᠪᠠᠶᠢᠯᠳᠤᠭᠠᠨ》 ᠂ 《 ᠪᠠ ᠸᠠᠩ ᠲᠠᠲᠠᠪᠤᠷᠢ  ᠠᠴᠠ ᠪᠠᠨ ᠰᠠᠯᠤᠭᠰᠠᠨ ᠨᠢ 》᠂ 《 ᠮᠠᠶ ᠴᠧᠩ ᠬᠣᠲᠠᠨ᠎ᠠ ᠵᠠᠮᠨᠠᠭᠰᠠᠨ 》 ᠵᠡᠷᠭᠡ ᠪᠤᠯᠤᠨ᠎ᠠ ᠂  ᠲᠡᠭᠦᠨ ᠦ ᠲᠣᠭᠯᠠᠯᠲᠠ ᠪᠠᠶᠢᠬᠤ ᠪᠦᠷᠢ ᠲᠢᠶᠠᠲ᠋ᠷ ᠲᠤ ᠬᠦᠮᠦᠨ ᠲᠦᠭᠦᠷᠡᠳᠡᠭ ᠪᠠᠶᠢᠵᠠᠢ᠃ ᠤᠯᠠᠭᠠᠨᠬᠠᠳᠠ ᠳᠤ ᠢᠷᠡᠭᠡᠳ ᠵᠢᠯ ᠭᠠᠷᠤᠶ ᠪᠣᠯᠵᠤ᠂ ᠵᠦᠴᠦᠭᠡ ᠶᠢᠨ ᠪᠦᠯᠬᠦᠮ ᠨᠢ ᠡᠭᠦᠳᠡ ᠪᠡᠨ ᠬᠠᠭᠠᠵᠤ ᠂ ᠫᠧᠢ ᠶᠦᠨ ᠲᠢᠩ ᠪᠡᠭᠡᠵᠢᠩ ᠳᠦ ᠪᠤᠴᠠᠵᠠᠢ ᠃     1920 ᠣᠨ ᠳᠤ ᠰᠦᠩ ᠽᠢ ᠠᠨ ᠂ ᠸᠠᠩ ᠶᠦᠩ ᠾᠧ ᠂ ᠶᠠᠩ ᠵᠢᠶᠠᠨ ᠭᠥᠸᠧ ᠵᠡᠷᠭᠡ 10 ᠬᠥᠮᠦᠨ ᠪᠠᠰᠠ ᠪᠡᠯᠠ ᠮᠥᠩᠭᠥ  ᠴᠤᠭᠯᠠᠭᠤᠯᠵᠤ ᠵᠦᠴᠦᠭᠡ ᠶᠢᠨ ᠠᠩᠭᠢ ᠡᠷᠬᠢᠯᠡᠵᠦ᠂ ᠰᠠᠷ᠎ᠠ  ᠳᠦ 400 ᠮᠥᠩᠭᠥᠨ ᠵᠣᠭᠣᠰ  ᠢᠶᠠᠷ ᠫᠧᠢ ᠶᠦᠨ ᠲᠢᠩ ᠢ ᠳᠠᠬᠢᠨ ᠤᠷᠢᠵᠤ ᠵᠦᠴᠦᠭᠡ ᠲᠣᠭᠯᠠᠭᠤᠯᠵᠠᠢ᠃ ᠲᠡᠷᠡ ᠳᠡᠮᠡᠢ ᠤᠳᠠᠭᠰᠠᠨ ᠦᠭᠡᠢ ᠬᠠᠷ᠎ᠠ ᠲᠠᠮᠠᠬᠢ ᠲᠠᠲᠠᠵᠤ᠂ ᠰᠡᠭᠦᠯᠡᠷ ᠨᠢ ᠤᠯᠠᠭᠠᠨᠬᠠᠳᠠ ᠳᠤ ᠰᠠᠭᠤᠷᠢᠰᠢᠵᠤ ᠂ ᠤᠯᠠᠭᠠᠨᠬᠠᠳᠠ ᠵᠦᠴᠦᠭᠡ ᠶᠢᠨ ᠲᠢᠶᠠᠲᠷ ᠤᠨ ᠤᠷᠳᠤ ᠬᠤᠭᠤᠴᠠᠭ᠎ᠠ ᠶᠢᠨ ᠲᠣᠭᠯᠠᠭᠴᠢ ᠪᠣᠯᠵᠤ 28 ᠵᠢᠯ ᠰᠠᠭᠤᠵᠠᠢ᠃     ᠫᠧᠢ ᠶᠦᠨ ᠲᠢᠩ ᠤᠨ ᠤᠷᠠᠯᠢᠭ ᠤᠨ ᠠᠪᠢᠶᠠᠰ ᠨᠠᠷᠢᠯᠢᠭ ᠰᠠᠶᠢᠬᠠᠨ᠂ ᠤᠷᠠᠯᠢᠭ ᠳᠠᠭᠠᠨ ᠬᠠᠷᠢᠭᠤᠴᠠᠯᠭᠠᠲᠤ ᠰᠡᠳᠬᠢᠯᠭᠡ ᠲᠠᠢ ᠪᠠᠶᠢᠵᠤ᠂ ᠦᠵᠡᠭᠴᠢᠳ ᠲᠦ ᠬᠠᠷᠢᠭᠤᠴᠠᠵᠤ ᠂ ᠶᠠᠮᠠᠷ  ᠵᠦᠴᠦᠭᠡ ᠲᠣᠭᠯᠠᠪᠠᠯ ᠲᠡᠷᠡ ᠶᠠᠩᠵᠤ ᠪᠠᠷ ᠵᠠᠰᠠᠵᠤ ᠴᠢᠮᠡᠵᠦ ᠂ ᠬᠤᠪᠴᠠᠰᠤ ᠬᠤᠨᠠᠷ᠂ ᠪᠠᠭᠠᠵᠢ ᠵᠡᠪᠰᠡᠭ ᠂  ᠲᠣᠭᠯᠠᠯᠲᠠ  ᠵᠡᠷᠭᠡ ᠳᠦ ᠴᠥᠮ ᠲᠤᠩ ᠨᠠᠷᠢᠨ ᠬᠢᠨᠠᠮᠠᠭᠠᠶ ᠪᠠᠶᠢᠳᠠᠭ ᠃     1945ᠣᠨ ᠤ 9 ᠰᠠᠷ᠎ᠠ ᠶᠢᠨ ᠡᠬᠢᠨ ᠳᠦ ᠡᠪᠡᠳᠴᠢᠨ ᠢᠶᠡᠷ ᠤᠯᠠᠭᠠᠨᠬᠠᠳᠠ ᠳᠦ ᠳᠥᠴᠢᠨ ᠳᠣᠯᠣᠭ᠎ᠠ ᠲᠠᠢ ᠨᠠᠰᠤ ᠪᠠᠷᠠᠵᠠᠢ ᠃  
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ