ᠤᠯᠠᠭᠠᠨᠬᠠᠳᠠ ᠶᠢᠨ ᠬᠤᠶᠢᠲᠤ ᠬᠠᠭᠤᠴᠢᠨ ᠬᠦᠭᠦᠷᠭᠡ
ᠨᠡᠶᠢᠲᠡᠯᠡᠭᠰᠡᠨ ᠴᠠᠭ᠄
2024/10/28
     ᠤᠯᠠᠭᠠᠨᠬᠠᠳᠠ ᠶᠢᠨ ᠬᠤᠶᠢᠲᠤ ᠬᠠᠭᠤᠴᠢᠨ ᠬᠦᠭᠦᠷᠭᠡ ᠤᠯᠠᠭᠠᠨᠬᠠᠳᠠ ᠶᠢᠨ ᠰᠢᠨ᠎ᠡ ᠬᠤᠶᠢᠲᠤ ᠬᠦᠭᠦᠷᠭᠡ ᠠᠴᠠ 750 ᠮᠧᠲᠷ ᠵᠠᠶᠢᠲᠠᠢ ᠳᠡᠭᠡᠲᠤ ᠤᠷᠤᠰᠬᠠᠯ ᠳᠤ ᠪᠠᠶᠢᠷᠢᠯᠠᠵᠤ ᠪᠠᠶᠢᠳᠠᠭ᠂ 1939 ᠣᠨ ︵ᠬᠠᠭᠤᠷᠮᠠᠭ ᠮᠠᠨᠵᠤ ᠶᠢᠨ ᠳ᠋ᠠ ᠲᠦᠩ ᠤᠨ 6 ᠣᠨ︶ ᠳᠤ ᠡᠬᠢᠯᠡᠨ ᠪᠠᠶᠢᠭᠤᠯᠵᠤ᠂ ᠬᠠᠭᠤᠷᠮᠠᠭ ᠮᠠᠨᠵᠤ ᠶᠢᠨ ᠿᠧᠾᠧ ᠮᠤᠵᠢ ᠶᠢᠨ ᠪᠦᠲᠦᠭᠡᠨ ᠪᠠᠶᠢᠭᠤᠯᠤᠯᠲᠠ ᠶᠢᠨ ᠲᠢᠩᠬᠢᠮ ᠤᠨ ᠤᠯᠤᠰ ᠤᠨ ᠵᠠᠮ ᠤᠨ ᠲᠣᠪᠴᠢᠶ᠎ᠠ ᠠᠴᠠ ᠪᠡᠯᠡ ᠭᠠᠷᠭᠠᠵᠤ᠂ ᠶᠠᠫᠤᠨ ᠮᠡᠷᠭᠡᠵᠢᠯᠲᠠᠨ ᠲᠥᠰᠥᠪᠯᠡᠨ ᠪᠠᠶᠢᠭᠤᠯᠵᠤ᠂ 1940 ᠣᠨ ︵ᠬᠠᠭᠤᠷᠮᠠᠭ ᠮᠠᠨᠵᠤ ᠶᠢᠨ ᠳ᠋ᠠ ᠲᠦᠩ ᠤᠨ 6 ᠣᠨ︶ ᠳᠤ ᠪᠠᠷᠢᠵᠤ ᠳᠠᠭᠤᠰᠤᠨ᠂ 1941 ᠣᠨ ᠳᠤ ᠠᠰᠢᠭᠯᠠᠯᠲᠠ ᠳᠤ ᠣᠷᠣᠭᠤᠯᠪᠠ᠃ ᠳᠡᠭᠡᠷ᠎ᠡ ᠬᠡᠰᠡᠭ ᠤᠨ ᠪᠦᠲᠦᠴᠡ ᠨᠢ T ᠦᠰᠦᠭ ᠤᠨ ᠬᠡᠯᠪᠡᠷᠢ ᠲᠠᠢ ᠪᠠᠶᠢᠵᠤ᠂ ᠴᠡᠪᠡᠷ ᠠᠯᠭᠠᠰᠠᠯ ᠨᠢ 15.5 ᠮᠧᠲᠷ᠂ ᠨᠡᠶᠢᠲᠡ 16 ᠭᠤᠯᠲᠣᠷᠢᠯ ᠲᠠᠢ᠂ ᠪᠦᠬᠦ ᠤᠷᠲᠤ ᠨᠢ 248 ᠮᠧᠲᠷ᠂ ᠬᠦᠭᠦᠷᠭᠡᠨ ᠤ ᠭᠠᠳᠠᠷᠭᠤ ᠶᠢᠨ ᠥᠷᠭᠡᠨ ᠨᠢ 5 ᠮᠧᠳ᠋ᠷ᠂ ᠶᠠᠪᠠᠭᠠᠨ ᠬᠦᠮᠦᠨ ᠤ ᠵᠠᠮ ᠭᠠᠷᠭᠠᠭᠰᠠᠨ ᠦᠭᠡᠢ᠃ ᠬᠦᠭᠦᠷᠭᠡᠨ ᠤ ᠥᠨᠳᠦᠷ ᠨᠢ ᠪᠠᠷᠤᠭ 7 ᠮᠧᠳ᠋ᠷ᠂ ᠬᠦᠭᠦᠷᠭᠡᠨ ᠳᠣᠣᠷᠠᠬᠢ ᠴᠡᠪᠡᠷ ᠥᠨᠳᠦᠷ ᠨᠢ 5.8 ᠮᠧᠲᠷ ᠪᠣᠢ᠃ ᠳᠠᠭᠠᠭᠠᠴᠠ ᠨᠢ ᠮᠠᠰᠢᠨ ᠲᠡᠷᠭᠡ — 8 ᠲᠣᠨ ᠪᠣᠯᠣᠨ᠎ᠠ᠃ ᠳᠣᠣᠷᠠᠬᠢ ᠲᠤᠯᠭᠠᠭᠤᠷ ᠢ ᠭᠠᠵᠠᠷ ᠠᠴᠠ ᠲᠣᠭᠤᠭᠰᠢ 7~9 ᠮᠧᠲᠷ ᠴᠢᠳᠬᠤᠵᠤ ᠦᠢᠯᠡᠳᠴᠡᠢ᠃ 1950 ᠣᠨ ᠳᠤ ᠬᠤᠶᠢᠲᠤ ᠡᠷᠭᠢ ᠨᠢ ᠦᠶᠡᠷ ᠲᠤ ᠤᠷᠤᠰᠤᠭᠰᠠᠨ ᠠᠴᠠ 6 ᠭᠤᠯᠳᠤᠷᠢᠯ ᠲᠠᠢ ᠳᠦᠭᠦᠮ ᠲᠤᠯᠭᠠᠭᠤᠷᠲᠦ 27.5 ᠮᠧᠲᠷ ᠤᠨ ᠰᠠᠯ ᠵᠢᠶᠠᠵᠠ ᠵᠠᠯᠭᠠᠨ ᠬᠦᠭᠦᠷᠭᠡ ᠶᠢ 275.5 ᠪᠣᠯᠭᠠᠨ ᠤᠷᠳᠤᠳᠬᠠᠪᠠ᠃ 1952 ᠣᠨ ᠳᠤ ᠬᠦᠭᠦᠷᠭᠡᠨ ᠤ ᠭᠠᠳᠠᠷᠭᠤ ᠶᠢ ᠳᠠᠬᠢᠵᠤ ᠳᠠᠪᠢᠰᠦᠨ᠂ 1969 ᠣᠨ ᠳᠤ ᠤᠯᠠᠭᠠᠨᠬᠠᠳᠠ ᠶᠢᠨ ᠬᠤᠶᠢᠲᠤ ᠰᠢᠨ᠎ᠡ ᠬᠦᠭᠦᠷᠭᠡ ᠶᠢ ᠪᠠᠶᠢᠭᠤᠯᠤᠭᠰᠠᠨ ᠠᠴᠠ ᠰᠡᠭᠦᠯᠡᠷ ᠤᠤᠯ ᠤᠨ ᠬᠠᠭᠤᠴᠢᠨ ᠬᠦᠭᠦᠷᠭᠡ ᠪᠣᠯᠣᠨ ᠵᠠᠯᠭᠠᠭᠰᠠᠨ ᠵᠠᠮ ᠢ ᠥᠭᠡᠷᠡᠴᠢᠯᠡᠨ᠂ ᡂᠢ ᠡᠦ ᠵᠠᠰᠠᠮᠠᠯ ᠵᠠᠮ ᠤᠨ ᠲᠤᠰᠠᠯᠠᠬᠤ ᠵᠠᠮ ᠪᠣᠯᠭᠠᠵᠤ᠂ ᠡᠩ ᠤᠨ ᠲᠡᠷᠭᠡ ᠤᠨᠤᠭ᠎ᠠ ᠶᠠᠪᠤᠵᠤ ᠪᠣᠯᠬᠤ ᠪᠠᠷ ᠬᠢᠵᠠᠭᠠᠷᠯᠠᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ