| ᠾᠧ ᠵᠦᠩ ᠢ ( ? -1944 ) | | ᠾᠧ ᠵᠦᠩ ᠢ ᠂ ᠡᠷᠡᠭᠲᠡᠶ ᠂ ᠬᠢᠲᠠᠳ ᠦᠨᠳᠦᠰᠦᠲᠡᠨ᠂ | ᠪᠣᠭᠣᠮᠲᠠ ᠶᠢᠨ ᠳᠣᠲᠣᠷᠠᠬᠢ ᠬᠥᠮᠦᠨ ᠂ ᠲᠥᠷᠥᠭᠰᠡᠨ ᠣᠨ ᠪᠠ ᠤᠭ | ᠨᠤᠲᠤᠭ ᠨᠢ ᠲᠣᠳᠣᠷᠬᠠᠶ ᠪᠤᠰᠤ ᠃ 1942ᠣᠨ ᠤ 9 ᠰᠠᠷ᠎ᠠ ᠶᠢᠨ29 ᠤ | ᠡᠳᠦᠷ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠱᠠᠨ ᠰᠢ | ᠴᠠᠬᠠᠷ ᠾᠸᠪᠸᠢ ᠵᠢᠨ ᠠᠷᠪᠠᠨ ᠭᠤᠷᠪᠠᠳᠤᠭᠠᠷ ᠣᠷᠣᠨ ᠤ ᠨᠠᠮ ᠤᠨ | ᠬᠣᠷᠢᠶᠠᠨ ᠤ ᠲᠣᠮᠢᠯᠠᠯ ᠢᠶᠠᠷ ᠴᠧᠩᠳᠧ ᠫᠢᠩᠴᠢᠣᠸᠠᠨ ᠨᠢᠩᠴᠧᠩ | ᠣᠷᠣᠨ ᠤ ᠬᠣᠶᠠᠳᠤᠭᠠᠷ ᠲᠣᠭᠣᠷᠢᠭ ᠤᠨ ᠳᠠᠷᠤᠭ᠎ᠠ ᠶᠢᠨ | ᠲᠤᠰᠢᠶᠠᠯ ᠢ ᠡᠭᠦᠷᠭᠡᠯᠡᠪᠡ ᠃ | 1943 ᠣᠨ ᠳᠤ ᠾᠧ ᠵᠦᠩ ᠢ ᠳᠡᠭᠡᠳᠦ ᠱᠠᠲᠤᠨ ᠤ ᠵᠢᠭᠠᠪᠤᠷᠢ ᠶᠢ | ᠳᠠᠭᠠᠵᠤ ᠂ ᠨᠢᠩᠴᠧᠩ ᠤᠨ ᠬᠥᠨᠳᠡᠯᠡᠨ ᠭᠣᠣᠯ ᠠᠴᠠ ᠪᠠᠷᠠᠭᠤᠨᠰᠢ ᠂ | ᠭᠣᠷᠣᠬ᠎ᠠ ᠭᠣᠣᠯ ᠠᠴᠠ ᠤᠮᠠᠷᠠᠰᠢ ᠶᠠᠫᠣᠨ ᠢ ᠡᠰᠡᠷᠭᠦᠴᠡᠬᠦ | ᠰᠠᠭᠤᠷᠢᠨ ᠭᠠᠵᠠᠷ ᠢ ᠨᠡᠭᠡᠭᠡᠵᠦ ᠪᠠᠶᠢᠵᠠᠢ᠃ 7 ᠰᠠᠷ᠎ᠠ ᠳᠤ ᠰᠠᠨ | ᠽᠦᠸᠧ ᠳ᠋ᠢᠶᠠᠨ ᠤ ᠳᠠ ᠶᠢᠨ ᠭᠧᠤ ᠶᠢᠨ ᠰᠢ ᠭᠧᠤ ᠳᠦ | ᠬᠣᠶᠠᠳᠤᠭᠠᠷ ᠲᠣᠭᠣᠷᠢᠭ ᠤᠨ ᠵᠠᠬᠢᠷᠭ᠎ᠠ ᠶᠢ ᠪᠠᠶᠢᠭᠤᠯᠵᠠᠢ᠃ | ᠲᠡᠷᠡ ᠬᠠᠭᠤᠷᠮᠠᠭ ᠲᠣᠰᠬᠣᠨ ᠤ ᠳᠠᠷᠤᠭ᠎ᠠ ᠂ ᠵᠣᠬᠢᠴᠠᠭᠤᠯᠤᠨ | ᠨᠡᠶᠢᠴᠡᠭᠦᠯᠬᠦ ᠨᠡᠶᠢᠭᠡᠮᠯᠢᠭ ᠦᠨ ᠳᠠᠷᠤᠭ᠎ᠠ ᠪᠥᠭᠡᠳ ᠬᠠᠷ᠎ᠠ | ᠲᠠᠮᠠᠬᠢ ᠶᠢᠨ ᠨᠢᠭᠡᠳᠦᠯ ᠦᠨ ᠡᠷᠬᠢᠯᠡᠭᠴᠢ ᠯᠢᠶᠠᠩ ᠳ᠋ᠢᠶᠠᠨ ᠢᠩ | ᠂ ᠰᠠᠨ ᠽᠦᠸᠧ ᠳ᠋ᠢᠶᠠᠨ ᠦ ᠬᠠᠭᠤᠷᠮᠠᠭ ᠴᠠᠭᠳᠠᠭ᠎ᠠ ᠶᠢᠨ | ᠳᠠᠷᠤᠭ᠎ᠠ ᠡᠦ ᠵᠢᠩ ᠰᠢᠶᠠᠨ ᠨᠠᠷ ᠢ ᠤᠬᠠᠭᠤᠯᠤᠨ ᠳᠠᠶᠢᠴᠢᠯᠠᠬᠤ | ᠪᠠᠷ ᠳᠠᠮᠵᠢᠵᠤ ᠂ ᠲᠡᠳᠡᠨ ᠢ ᠶᠠᠫᠤᠨ ᠢ ᠡᠰᠡᠷᠭᠦᠴᠡᠬᠦ ᠶᠢ | ᠳᠡᠮᠵᠢᠬᠦ ᠪᠣᠯᠭᠠᠵᠠᠢ ᠃ | 8 ᠰᠠᠷ᠎ᠠ ᠶᠢᠨ ᠰᠡᠭᠦᠯᠴᠢ ᠳᠦ᠂ ᠾᠧ ᠵᠦᠩ ᠢ ᠲᠣᠭᠣᠷᠢᠭ ᠤᠨ | ᠺᠠᠳ᠋ᠷ ᠢ ᠵᠢᠯᠣᠭᠣᠳᠴᠤ ᠰᠤ᠋ ᠶᠦᠩ ᠦᠨ ᠭᠡᠷ ᠲᠦ ᠨᠢᠭᠡ ᠶᠠᠫᠣᠨ | ᠳᠡᠭᠡᠷᠡᠮᠴᠢᠳ ᠪᠠ ᠬᠠᠭᠤᠷᠮᠠᠭ ᠴᠡᠷᠢᠭ ᠦᠨ ᠲᠠᠩᠨᠠᠭᠤᠯ ᠢ | ᠠᠮᠢᠳᠤ ᠪᠠᠷ ᠪᠠᠷᠢᠵᠤ ᠴᠣᠬᠢᠨ ᠠᠯᠠᠪᠠ ᠃ ᠬᠦᠭᠡᠭᠡ ᠰᠠᠷ᠎ᠠ ᠳᠤ | ᠰᠢ ᠭᠧᠤ ᠳᠤ ᠪᠠᠰᠠ ᠬᠢᠲᠠᠳ ᠤᠨ ᠵᠠᠯᠢᠬᠠᠶ ᠯᠢ ᠭᠤᠸᠠᠩ ᠹᠠ ᠶᠢ | ᠫᠤᠤᠳᠠᠵᠤ ᠠᠯᠠᠪᠠ ᠃ | 1944ᠣᠨ ᠤ ᠴᠠᠭᠠᠨ ᠰᠠᠷ᠎ᠠ ᠶᠢᠨ ᠰᠢᠨᠡᠳ ᠢᠶᠡᠷ᠂ ᠰᠠᠨ ᠽᠦᠸ᠋ᠸ | ᠳ᠋ᠢᠶᠠᠨ ᠤ ᠴᠠᠭᠳᠠᠭ᠎ᠠ ᠶᠢᠨ ᠳᠠᠷᠤᠭ᠎ᠠ ᠡᠦ ᠵᠢᠩ ᠰᠢᠶᠠᠨ《 | ᠶᠠᠫᠣᠨ ᠴᠡᠷᠢᠭ ᠬᠠᠭᠤᠷᠮᠠᠭ ᠴᠡᠷᠢᠭ ᠪᠠ ᠠᠮᠤᠷ ᠢ ᠬᠠᠮᠠᠭᠠᠯᠠᠬᠤ | ᠠᠩᠭᠢ ᠨᠠᠶᠮᠠᠳᠤᠭᠠᠷ ᠵᠠᠮ ᠤᠨ ᠴᠡᠷᠢᠭ ᠢᠶᠡᠷ ᠣᠪᠯᠠᠨ ᠴᠢᠮᠡᠭᠡᠳ | ᠳᠠ ᠶᠢᠨ ᠭᠧᠤ ᠶᠢᠨ ᠰᠢ ᠭᠧᠤ ᠳᠦ ᠢᠷᠡᠯ᠎ᠡ 》 ᠭᠡᠰᠡᠨ ᠮᠡᠳᠡᠭᠡ | ᠬᠦᠷᠭᠡᠵᠡᠢ᠃ ᠾᠧ ᠵᠦᠩ ᠢ ᠤᠯᠠᠨ ᠲᠦᠮᠡᠨ ᠢ ᠵᠢᠯᠣᠭᠣᠳᠴᠤ ᠠᠶᠢᠯ | ᠲᠣᠰᠬᠣᠨ ᠳᠦ ᠣᠷᠣᠵᠤ ᠢᠷᠡᠭᠰᠡᠨ ᠬᠠᠭᠤᠷᠮᠠᠭ ᠨᠠᠶᠮᠠᠳᠤᠭᠠᠷ | ᠵᠠᠮ ᠤᠨ ᠴᠡᠷᠢᠭ ᠢ ᠰᠢᠷᠦᠭᠦᠨ ᠢᠶᠡᠷ ᠳᠠᠭᠠᠷᠢᠵᠤ | ᠪᠤᠲᠠᠷᠠᠲᠠᠯ᠎ᠠ ᠴᠣᠬᠢᠵᠠᠢ᠃ | ᠲᠤᠰ ᠵᠢᠯ ᠦᠨ 3 ᠰᠠᠷ᠎ᠠ ᠳᠤ ᠂ ᠠᠩᠭᠢ ᠶᠢᠨ ᠳᠠᠷᠤᠭ᠎ᠠ ᠭᠤᠤ | ᠴᠢᠶᠤᠤ ᠯᠣᠣ ᠰᠢ ᠭᠧᠤ ᠳᠤ ᠪᠡᠶ᠎ᠡ ᠦᠷᠡᠭᠳᠡᠭᠰᠡᠨ ᠦ ᠳᠠᠷᠠᠭ᠎ᠠ ᠂ | ᠬᠠᠭᠤᠷᠮᠠᠭ ᠬᠠᠨ ᠴᠢᠣᠸᠠᠨ ᠤ ᠳᠠᠢᠢᠯᠠᠯᠳ᠋ᠠ ᠶᠢᠨ ᠠᠩᠭᠢ | ᠶᠠᠫᠣᠨ ᠢ ᠡᠰᠡᠷᠭᠦᠴᠡᠬᠦ ᠰᠠᠭᠤᠷᠢᠨ ᠭᠠᠵᠠᠷ ᠲᠤ | ᠭᠠᠯᠵᠠᠭᠤᠷᠠᠭᠰᠠᠨ ᠮᠡᠲᠦ ᠪᠦᠰᠡᠯᠡᠨ ᠤᠰᠠᠳᠬᠠᠯᠲᠠ ᠬᠢᠵᠡᠢ᠃ | ᠲᠤᠬᠠᠶ ᠶᠢᠨ ᠭᠠᠵᠠᠷ ᠤᠨ ᠣᠯᠠᠨ ᠲᠦᠮᠡᠨ ᠲᠡᠭᠦᠨ ᠢ ᠲᠦᠷ | ᠪᠣᠭᠣᠮᠲᠠ ᠶᠢᠨ ᠳᠣᠲᠣᠷ᠎ᠠ ᠣᠴᠢᠵᠤ ᠪᠡᠶ᠎ᠡ ᠳᠠᠯᠳᠠᠯᠠ | ᠭᠡᠰᠡᠨ ᠳᠦ ᠲᠡᠷᠡ᠄ 《 ᠶᠠᠫᠣᠨ ᠢ ᠡᠰᠡᠷᠭᠦᠴᠡᠬᠦ ᠳᠦ | ᠲᠤᠶᠢᠯᠪᠤᠷᠢᠲᠠᠶ ᠪᠠᠷᠢᠮᠲᠠᠯᠠᠬᠤ ᠴᠢᠬᠤᠯᠠᠲᠠᠢ ᠂ ᠬᠤᠪᠢᠰᠬᠠᠯ | ᠬᠢᠬᠦ ᠳᠤ ᠴᠢᠰᠤ ᠤᠷᠤᠰᠬᠠᠨ ᠠᠮᠢ ᠪᠠᠨ ᠦᠷᠡᠭᠳᠡᠭᠦᠯᠬᠦ ᠡᠴᠡ | ᠠᠶᠤᠵᠤ ᠪᠣᠯᠬᠤ ᠦᠭᠡᠢ 》 ᠭᠡᠵᠡᠢ ᠃ ᠲᠡᠷᠡ ᠯᠠᠪᠳᠠᠭᠤᠨ ᠲᠣᠭᠲᠠᠭᠤᠨ | ᠪᠠᠲᠤ ᠴᠢᠩᠭ᠎ᠠ ᠪᠠᠶᠢᠵᠤ ᠂ ᠬᠣᠶᠠᠳᠤᠭᠠᠷ ᠲᠣᠭᠣᠷᠢᠭ ᠤᠨ | ᠬᠡᠪᠴᠢᠶᠡᠨ ᠳᠤ ᠳᠠᠶᠢᠰᠤᠨ ᠢ ᠠᠷᠭᠠᠴᠠᠵᠤ ᠪᠠᠶᠢᠪᠠ ᠃ | ᠲᠤᠰ ᠵᠢᠯ ᠦᠨ 5 ᠰᠠᠷ᠎ᠠ ᠳᠤ ᠂ ᠾᠧ ᠵᠦᠩ ᠢ ᠬᠡᠳᠦᠨ ᠠᠵᠢᠯᠲᠠᠨ ᠢ | ᠳᠠᠭᠠᠭᠤᠯᠤᠨ ᠳᠠ ᠶᠢᠨ ᠭᠧᠤ ᠳᠦ ᠳᠠᠶᠢᠰᠤᠨ ᠲᠠᠶ | ᠪᠠᠶᠢᠯᠳᠤᠵᠠᠢ᠃ ᠭᠡᠲᠡᠯ᠎ᠡ ᠫᠠᠷᠲ᠋ᠢᠽᠠᠨ ᠠᠡᠭᠬᠢ ᠰᠢᠯᠵᠢᠨ | ᠤᠬᠤᠷᠢᠵᠤ ᠰᠠᠨ ᠽᠦᠸᠧ ᠳ᠋ᠢᠶᠠᠨ ᠤ ᠰᠢᠶᠤᠤ ᠲᠠᠩ ᠲᠦ᠋ ᠭᠧᠤ | ᠬᠦᠷᠬᠦ ᠦᠶᠡᠰ ᠬᠠᠨ ᠴᠢᠣᠸᠠᠨ ᠤ ᠳᠠᠢᠢᠯᠠᠯᠳ᠋ᠠ ᠶᠢᠨ ᠴᠡᠷᠢᠭ ᠲᠤ | ᠪᠦᠰᠡᠯᠡᠭᠳᠡᠵᠦ᠂ 3 ᠡᠳᠦᠷ ᠪᠠᠶᠢᠯᠳᠤᠵᠤ᠂ ᠡᠴᠦᠰ ᠲᠡᠬᠡᠨ | ᠳᠠᠶᠢᠰᠤᠨ ᠤ ᠬᠦᠴᠦ ᠳᠡᠶᠢᠯᠦᠩᠭᠢ ᠲᠤᠯᠠ ᠮᠤᠬᠤᠷᠳᠠᠯ ᠳᠤ ᠣᠷᠣᠵᠤ | ᠾᠧ ᠵᠦᠩ ᠢ ᠡᠷᠬᠢᠮ ᠨᠠᠨᠳᠢᠨ ᠠᠮᠢ ᠨᠠᠰᠤ ᠪᠠᠨ ᠵᠣᠷᠢᠭᠤᠯᠤᠭᠰᠠᠨ | ᠶᠤᠮ ᠃ | |