ᠤᠯᠠᠭᠠᠨᠬᠠᠳᠠ ᠶᠢᠨ ᠪᠠᠷᠠᠭᠤᠨ ᠶᠡᠭᠡ ᠬᠥᠭᠦᠷᠭᠡ ᠪᠡᠭᠡᠵᠢᠩ ᠠᠴᠠ ᠵᠠᠬᠠᠲᠠᠴᠢ ᠬᠦᠷᠬᠦ ᠵᠠᠰᠠᠮᠠᠯ ᠵᠠᠮ ᠤᠨ ᠤᠯᠠᠭᠠᠨᠬᠠᠳᠠ ᠬᠤᠲᠠ ᠶᠢᠨ ᠬᠠᠷᠢᠶᠠᠨ ᠳᠠᠬᠢ ᠬᠤᠩ ᠱᠠᠨ | ᠲᠣᠭᠤᠷᠢᠭ ᠪᠣᠯᠣᠨ ᠲᠡᠭᠦᠷᠭᠡ ᠲᠣᠭᠤᠷᠢᠭ ᠤᠨ ᠠᠭᠤᠯᠵᠠᠷ ᠲᠤ ᠪᠠᠶᠢᠷᠢᠯᠠᠨ᠂ ᠰᠢᠪᠡᠭᠡ ᠭᠤᠤᠯ ᠢ ᠰᠤᠨᠳᠠᠯᠠᠵᠤ ᠪᠣᠢ᠃ ᠬᠦᠭᠦᠷᠭᠡ ᠶᠢᠨ ᠤᠤᠯ ᠤᠨ ᠳᠡᠭᠡᠷ᠎ᠡ ᠬᠡᠰᠡᠭ ᠤᠨ | ᠪᠦᠲᠦᠴᠡ ᠨᠢ 17 ᠭᠤᠯᠳᠤᠷᠢᠯ᠂ 14.1 ᠮᠧᠲᠷ ᠤᠨ ᠪᠠᠷᠢᠮᠵᠢᠶ᠎ᠠ ᠠᠯᠭᠠᠰᠠᠯ ᠪᠦᠬᠦᠢ ᠪᠣᠯᠣᠳ ᠪᠧᠲ᠋ᠤᠨ ᠢᠶᠠᠷ ᠬᠢᠭᠰᠡᠨ ᠬᠦᠨᠲᠠᠢ ᠬᠠᠪᠲᠠᠰᠤᠨ ᠨᠢᠷᠤᠭᠤᠪᠴᠢ ᠪᠠᠶᠢᠵᠤ | ᠂ ᠳᠣᠣᠷ᠎ᠠ ᠬᠡᠰᠡᠭ ᠤᠨ ᠪᠦᠲᠦᠴᠡ ᠨᠢ ᠴᠢᠯᠠᠭᠤ ᠪᠠᠷ ᠵᠡᠷᠭᠡᠯᠡᠭᠰᠡᠨ ᠪᠣᠯᠠᠭᠳᠠᠮᠠᠯ ᠮᠠᠶ᠋ᠢᠭ ᠤᠨ ᠰᠠᠭᠤᠷᠢ ᠲᠠᠢ ᠬᠦᠨᠳᠦ ᠳᠠᠭᠠᠭᠠᠴᠠᠲᠤ ᠪᠠᠭᠠᠨ᠎ᠠ ᠪᠣᠯᠣᠨ᠎ᠠ᠃ ᠪᠦᠬᠦ | ᠤᠷᠲᠤ ᠨᠢ 248 ᠮᠧᠲᠷ᠂ ᠪᠠᠷᠢᠮᠵᠢᠶ᠎ᠠ ᠳᠠᠭᠠᠭᠠᠴᠠ ᠨᠢ ᠮᠠᠰᠢᠨ ᠲᠡᠷᠭᠡ — 13 ᠲᠣᠨ᠂ ᠴᠢᠷᠦᠭᠦᠯ ᠲᠠᠢ ᠲᠡᠷᠭᠡ — 60 ᠲᠣᠨ᠃ ᠬᠦᠭᠦᠷᠭᠡᠨ ᠤ ᠴᠡᠪᠡᠷ | ᠥᠷᠭᠡᠨ ᠨᠢ 7 ᠮᠧᠲᠷ᠂ ᠬᠤᠶᠠᠷ ᠲᠠᠯ᠎ᠠ ᠳᠤ ᠨᠢ ᠲᠣᠰ ᠪᠦᠷᠢ 1.5 ᠮᠧᠲᠷ ᠤᠨ ᠶᠠᠪᠠᠭᠠᠨ ᠬᠥᠮᠥᠨ ᠤ ᠵᠠᠮ ᠭᠠᠷᠭᠠᠵᠠᠢ᠃ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠵᠠᠮ ᠬᠠᠷᠢᠯᠴᠠᠭᠠᠨ ᠤ ᠬᠠᠶᠢᠨ ᠬᠡᠮᠵᠢᠯᠲᠠ ᠶᠢᠨ ᠰᠤᠳᠤᠯᠭᠠᠨ ᠤ ᠭᠠᠵᠠᠷ ᠵᠢᠷᠤᠭᠯᠠᠵᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠵᠠᠰᠠᠮᠠᠯ ᠵᠠᠮ ᠤᠨ ᠪᠠᠷᠢᠯᠭ᠎ᠠ ᠶᠢᠨ ᠨᠢᠭᠡᠳᠦᠭᠡᠷ ᠭᠠᠵᠠᠷ ᠠᠵᠢᠯ ᠳᠠᠭᠠᠭᠠᠴᠢᠯᠠᠵᠤ᠂ 1969 ᠣᠨ ᠤ 11 ᠰᠠᠷ᠎ᠠ ᠳᠤ ᠪᠠᠶᠢᠭᠤᠯᠵᠤ ᠳᠠᠭᠤᠰᠬᠠᠪᠠ᠃ 1982 ᠣᠨ ᠳᠤ | ᠵᠤᠤ ᠤᠳᠠ ᠠᠶᠢᠮᠠᠭ ᠤᠨ ᠵᠠᠮ ᠬᠠᠷᠢᠯᠴᠠᠭᠠᠨ ᠤ ᠲᠣᠪᠴᠢᠶ᠎ᠠ ᠲᠤᠰ ᠬᠦᠭᠦᠷᠭᠡ ᠳᠤ ᠮᠡᠷᠭᠡᠵᠢᠯ ᠤᠨ ᠥᠭᠡᠷᠡᠴᠢᠯᠡᠯᠲᠡ ᠬᠢᠵᠦ᠂ ᠬᠦᠭᠦᠷᠭᠡᠨ ᠤ ᠭᠠᠳᠠᠷᠭᠤ ᠶᠢ 14 ᠮᠧᠲᠷ | ᠪᠣᠯᠭᠠᠨ ᠥᠷᠭᠡᠳᠬᠡᠵᠦ᠂ 0.6 ᠮᠧᠳ᠋ᠷ ᠤᠨ ᠲᠠᠰᠤᠯᠤᠭᠤᠷ ᠪᠦᠰᠡ ᠭᠠᠷᠭᠠᠨ᠂ ᠮᠠᠰᠢᠨ ᠲᠡᠷᠭᠡ ᠨᠡᠪᠲᠡᠷᠡᠬᠦ ᠵᠠᠮ ᠤᠨ ᠥᠷᠭᠡᠨ ᠢ 7 ᠮᠧᠲᠷ ᠪᠣᠯᠭᠠᠵᠤ᠂ ᠬᠤᠶᠠᠷ | ᠲᠠᠯ᠎ᠠ ᠳᠤᠨᠢ ᠲᠤᠰ ᠪᠦᠷᠢ 3.5 ᠮᠧᠲᠷ ᠤᠨ ᠳᠤᠭᠤᠢ ᠲᠡᠷᠭᠡ ᠪᠣᠯᠣᠨ ᠶᠠᠪᠠᠭᠠᠨ ᠬᠦᠮᠦᠨ ᠶᠠᠪᠣᠬᠤ ᠵᠠᠮ ᠭᠠᠷᠭᠠᠵᠤ᠂ ᠲᠤᠰ ᠵᠢᠯ ᠳᠤ ᠪᠠᠨ ᠲᠡᠷᠭᠡ ᠨᠡᠪᠲᠡᠷᠡᠵᠡᠢ᠃ |