ᠬᠤᠤ ᠷᠦᠢ ᠲᠢᠩ ( 1911-1944 ) | | ᠬᠤᠤ ᠷᠦᠢ ᠲᠢᠩ ᠂ ᠡᠷᠡᠭᠲᠡᠶ ᠂ ᠬᠢᠲᠠᠳ ᠦᠨᠳᠦᠰᠦᠲᠡᠨ᠂ 1911 | ᠣᠨ ᠳᠤ ᠬᠠᠷᠠᠴᠢᠨ ᠬᠣᠰᠢᠭᠤᠨ ᠤ ᠸᠠᠩ ᠶᠧ ᠳ᠋ᠢᠶᠠᠨ ᠤ ᠳ᠋ᠦᠩ | ᠵᠢᠤᠢ ᠽᠢ ᠶᠢᠨ ᠶᠡᠬᠡ ᠡᠯ ᠳ᠋ᠤᠤ ᠭᠧᠤ ᠶᠢᠨ ᠬᠥᠮᠦᠨ ᠃ | ᠬᠤᠤ ᠷᠦᠢ ᠲᠢᠩ ᠵᠠᠩ ᠠᠭᠠᠰᠢ ᠨᠢ ᠠᠰᠪᠤᠷ ᠰᠢᠯᠤᠭᠤᠨ ᠂ | ᠵᠣᠷᠢᠭᠲᠠᠶ ᠂ ᠨᠥᠬᠥᠷᠯᠡᠬᠦ ᠳᠤᠷᠠᠲᠠᠢ᠃ 1929-1932 ᠣᠨ ᠳᠤ | ᠮᠦᠭᠳᠡᠨ ᠦ ᠴᠡᠷᠢᠭ ᠦᠨ ᠡᠷᠬᠡᠲᠡᠨ ᠳᠦ ᠴᠡᠷᠢᠭ ᠶᠠᠪᠤᠵᠤ᠂ | ᠰᠡᠭᠦᠯᠡᠷ ᠨᠢ ᠡᠴᠢᠭᠡ ᠶᠡᠬᠡ ᠠᠪᠠᠭ᠎ᠠ ᠨᠢ ᠤᠷᠢᠳ ᠬᠣᠵᠢᠳ ᠨᠠᠰᠤ | ᠪᠠᠷᠠᠵᠤ ᠡᠬᠡ ᠨᠢ ᠥᠨᠥᠴᠢᠨ ᠪᠡᠯᠪᠡᠰᠦᠨ ᠪᠣᠯᠬᠤ ᠳᠤ᠂ ᠬᠤᠤ ᠷᠦᠢ | ᠲᠢᠩ ᠰᠠᠶ᠋ᠢ ᠴᠡᠷᠢᠭ ᠦᠨ ᠠᠯᠪᠠᠨ ᠠᠴᠠ ᠪᠠᠭᠤᠵᠤ ᠭᠡᠷ ᠲᠡᠬᠡᠨ | ᠬᠠᠷᠢᠵᠤ ᠵᠢᠵᠢᠭ ᠮᠠᠶᠢᠮᠠᠶ ᠬᠢᠵᠡᠢ᠂ ᠬᠠᠭᠤᠷᠮᠠᠭ ᠮᠠᠨᠵᠤ | ᠤᠯᠤᠰ ᠤᠨ ᠡᠬᠢᠨ ᠦ ᠦᠶ᠎ᠡ ᠳᠦ ᠪᠤᠷᠬᠠᠨᠲᠤ ᠳᠦ ᠣᠶᠣᠳᠠᠯ ᠤᠨ | ᠭᠠᠵᠠᠷ ᠨᠡᠭᠡᠭᠡᠵᠦ ᠪᠠᠶᠢᠪᠠ ᠃ | 1933 ᠣᠨ ᠳᠤ ᠶᠠᠫᠣᠨ ᠤ ᠡᠵᠡᠷᠬᠡᠭ ᠲᠦᠷᠢᠮᠡᠭᠡᠶᠢᠳᠡᠨ | ᠷᠧᠾᠧ ᠶᠢ ᠡᠵᠡᠯᠡᠵᠡᠢ ᠂ ᠬᠤᠤ ᠷᠦᠢ ᠲᠢᠩ ᠤᠯᠤᠰ ᠠᠷᠠᠳ ᠥᠰᠢᠶ᠎ᠡ | ᠬᠣᠷᠣᠰᠤᠯ ᠢ ᠡᠪᠦᠷᠯᠡᠨ᠂ 1941 ᠣᠨ ᠤ ᠬᠠᠪᠤᠷ ᠶᠠᠫᠣᠨ ᠢ | ᠡᠰᠡᠷᠭᠦᠴᠡᠬᠦ ᠴᠡᠷᠢᠭ ᠠᠩᠭᠢ ᠳᠤ ᠣᠷᠣᠯᠴᠠᠭᠰᠠᠨ ᠪᠠᠶᠢᠨ᠎ᠠ ᠃ | ᠡᠬᠢᠯᠡᠭᠡᠳ ᠮᠠ ᠯᠦᠩ ᠪᠢᠶᠤᠤ ᠶᠢᠨ ᠴᠡᠷᠢᠭ ᠠᠩᠭᠢ ᠳᠤ ᠰᠠᠯᠠᠭᠠᠨ | ᠳᠠᠷᠤᠭ᠎ᠠ ᠶᠢᠨ ᠲᠤᠰᠢᠶᠠᠯ ᠡᠭᠦᠷᠭᠡᠯᠡᠪᠡ᠂ ᠤᠳᠠᠯ ᠦᠭᠡᠢ ᠾᠸᠪᠸᠢ | ᠵᠢᠨ ᠵᠡᠭᠦᠨ ᠬᠡᠰᠡᠭ ᠦᠨ ᠴᠡᠷᠢᠭ ᠦᠨ ᠬᠤᠪᠢᠶᠠᠷᠢ ᠲᠣᠭᠣᠷᠢᠭ ᠤᠨ | ᠵᠢᠭᠠᠨ ᠰᠤᠷᠭᠠᠬᠤ ᠶᠡᠬᠡ ᠠᠨᠭᠭᠢ ᠳᠦ ᠪᠣᠯᠪᠠᠰᠤᠷᠠᠯ ᠬᠦᠷᠲᠡᠵᠦ᠂ | 5 ᠰᠠᠷ᠎ᠠ ᠶᠢᠨ ᠲᠠᠷᠠᠭ᠎ᠠ ᠾᠸᠪᠸᠢ ᠵᠢᠨ ᠵᠡᠭᠦᠨ ᠬᠡᠰᠡᠭ ᠦᠨ | ᠴᠡᠷᠢᠭ ᠦᠨ ᠬᠤᠪᠢᠶᠠᠷᠢ ᠲᠣᠭᠣᠷᠢᠭ ᠤᠨ ᠠᠷᠪᠠᠨ ᠨᠢᠭᠡᠳᠦᠭᠡᠷ | ᠬᠣᠷᠢᠶ᠎ᠠ ᠶᠢᠨ ᠨᠢᠭᠡᠳᠦᠭᠡᠷ ᠰᠣᠮᠣᠨ ᠤ ᠬᠤᠶᠠᠳᠤᠭᠠᠷ | ᠰᠠᠯᠠᠭ᠎ᠠ ᠶᠢᠨ ᠰᠠᠯᠠᠭᠠᠨ ᠳᠠᠷᠤᠭ᠎ᠠ ᠶᠢᠨ ᠲᠤᠰᠢᠶᠠᠯ ᠢ | ᠡᠭᠦᠷᠭᠡᠯᠡᠵᠦ ᠪᠠᠶᠢᠪᠠ᠃1942 ᠣᠨ ᠳᠤ ᠴᠡᠷᠢᠭ ᠦᠨ ᠬᠤᠪᠢᠶᠠᠷᠢ | ᠲᠣᠭᠣᠷᠢᠭ ᠤᠨ ᠲᠠᠩᠨᠠᠭᠤᠯ ᠤᠨ ᠰᠤᠮᠤᠨ ᠤ ᠳᠠᠷᠤᠭ᠎ᠠ ᠪᠠᠷ | ᠠᠵᠢᠯᠯᠠᠵᠤ᠂ ᠴᠠᠭᠠᠨ ᠬᠡᠷᠡᠮ ᠦᠨ ᠳᠣᠲᠣᠨ᠎ᠠ ᠭᠠᠳᠠᠨ᠎ᠠ ᠪᠣᠯᠤᠨ | ᠴᠧᠩᠳ᠋ᠧ ᠂ ᠫᠢᠨᠭᠴᠢᠦᠸᠠᠨ ᠂ ᠨᠢᠩᠴᠧᠩ ᠂ ᠬᠠᠷᠠᠴᠢᠨ ᠪᠠᠷᠠᠭᠤᠨ | ᠬᠣᠰᠢᠭᠤ ᠵᠡᠷᠭᠡ ᠭᠠᠵᠠᠷ ᠤᠨ ᠠᠭᠤᠯᠠᠷᠬᠠᠭ ᠣᠷᠣᠨ ᠢᠶᠠᠷ | ᠠᠵᠢᠯᠯᠠᠭ᠎ᠠ ᠥᠷᠨᠢᠭᠦᠯᠵᠦ ᠪᠠᠶᠢᠵᠠᠢ᠃ ᠬᠤᠤ ᠷᠦᠢ ᠲᠢᠩ | ᠨᠢᠭᠤᠴᠠ ᠪᠠᠷ ᠹᠠᠨ ᠽᠢ ᠶᠤᠸᠠᠨ᠂ ᠯᠢ ᠳ᠋ᠥᠩ ᠶᠠᠩ᠂ ᠵᠠᠩ ᠯᠢᠶᠠᠨ | ᠱᠧᠩ ᠵᠡᠷᠭᠡ 10 ᠭᠠᠷᠤᠶ ᠬᠥᠮᠦᠨ ᠢ ᠤᠬᠠᠭᠤᠯᠵᠤ ᠬᠣᠯᠪᠣᠭᠠᠴᠢᠨ | ᠪᠤᠯᠭᠠᠵᠠᠢ᠃ 1941 ᠣᠨ ᠠᠴᠠ ᠬᠣᠶᠢᠰᠢ᠂ ᠶᠠᠫᠣᠨ ᠳᠡᠭᠡᠷᠡᠮᠴᠢᠳ ᠪᠠ | ᠬᠠᠭᠤᠷᠮᠠᠭ ᠴᠡᠷᠢᠭ ᠲᠠᠰᠤᠷᠠᠯ ᠦᠭᠡᠢ ᠫᠠᠷᠲ᠋ᠢᠽᠠᠨ ᠣᠷᠣᠨ ᠢ | ᠪᠦᠰᠡᠯᠡᠨ ᠳᠠᠭᠠᠷᠢᠵᠤ ᠪᠠᠶᠢᠭᠰᠠᠨ ᠪᠣᠯᠪᠠᠴᠤ᠂ ᠬᠤᠤ ᠷᠦᠢ | ᠲᠢᠩ ᠤᠨ ᠶᠠᠫᠣᠨ ᠢ ᠡᠰᠡᠷᠭᠦᠴᠡᠬᠦ ᠫᠠᠷᠲ᠋ᠢᠽᠠᠨ ᠠᠡᠭᠬᠢ ᠬᠠᠷᠢᠨ | ᠤᠯᠠᠨ ᠲᠦᠮᠡᠨ ᠦ ᠳᠡᠮᠵᠢᠯᠭᠡ ᠪᠠ ᠬᠠᠮᠠᠭᠠᠯᠠᠯ ᠳᠣᠣᠷ᠎ᠠ᠂ | ᠳᠠᠶᠢᠰᠤᠨ ᠳᠤ ᠤᠯᠠᠮ ᠰᠢᠷᠦᠭᠦᠨ ᠴᠣᠬᠢᠯᠲᠠ ᠦᠭᠴᠦ ᠪᠠᠶᠢᠵᠡᠢ ᠃ | 1943 ᠣᠨ ᠳᠤ ᠲᠡᠭᠦᠨ ᠦ ᠴᠡᠷᠢᠭ ᠠᠩᠭᠢ ᠪᠣᠯᠣᠨ ᠵᠢᠢ ᠬᠤᠩ ᠡᠸ᠋ᠨ ᠦ | ᠴᠡᠷᠢᠭ ᠪᠤᠷᠬᠠᠨᠲᠤ ᠶᠢᠨ ᠰᠠᠨ ᠴᠠ ᠺᠧᠤ ᠶᠢᠨ ᠬᠠᠭᠤᠷᠮᠠᠭ | ᠴᠠᠭᠳᠠᠭ᠎ᠠ ᠶᠢᠨ ᠰᠠᠭᠤᠵᠤ ᠪᠠᠶᠢᠭ᠎ᠠ ᠭᠠᠵᠠᠷ ᠢ ᠳᠠᠭᠠᠷᠢᠵᠤ᠂ | ᠸᠠᠩ ᠤᠨ ᠳ᠋ᠢᠶᠠᠨ ᠭᠠᠴᠠᠭᠠᠨ ᠤ ᠳ᠋ᠦᠩ ᠵᠢᠤᠢ ᠽᠢ ᠶᠢᠨ | ᠬᠠᠭᠤᠷᠮᠠᠭ ᠥᠷᠲᠡᠭᠡᠨ ᠳᠠᠷᠤᠭ᠎ᠠ᠂ ᠬᠢᠲᠠᠳ ᠤᠨ ᠵᠠᠯᠢᠬᠠᠶ ᠯᠢ | ᠶᠠᠨ ᠢ ᠵᠠᠯᠬᠠᠭᠠᠨ ᠰᠢᠢᠳᠬᠡᠵᠡᠢ᠃ ᠲᠡᠷᠡ ᠴᠡᠷᠢᠭ ᠠᠩᠬᠢ ᠪᠠᠨ | ᠳᠠᠭᠠᠭᠤᠯᠤᠨ ᠰᠢᠩ ᠯᠦᠩ ᠳᠦ ᠬᠦᠷᠴᠦ ᠭᠤᠤᠯ ᠬᠦᠴᠦᠨ ᠲᠠᠢ | ᠬᠠᠮᠲᠤᠷᠠᠨ ᠱᠧᠦ ᠸᠠᠩ ᠹᠧᠨ ᠦ ᠪᠠᠶᠢᠯᠳᠤᠭᠠᠨ ᠳᠤ ᠤᠷᠤᠯᠴᠠᠵᠠᠢ᠃ | ᠲᠡᠷᠡ ᠴᠢᠳᠠᠮᠠᠭᠠᠶ ᠪᠠᠶᠢᠯᠳᠤᠳᠠᠭ ᠪᠦᠭᠡᠳ ᠡᠷᠡᠯᠬᠡᠭ ᠪᠠᠭᠠᠲᠤᠷ | ᠡᠷᠡᠰ ᠰᠢᠭᠤᠷᠬᠠᠶ ᠲᠤᠯᠠ ᠤᠯᠠᠠ ᠤᠳᠠᠭ᠎ᠠ ᠳᠡᠭᠡᠳᠦ ᠱᠠᠲᠤᠨ ᠤ | ᠰᠠᠶᠢᠰᠢᠶᠠᠯ ᠢ ᠬᠦᠷᠲᠡᠵᠦ᠂ ᠬᠣᠵᠢᠮ ᠨᠢ ᠴᠧᠩᠳ᠋ᠧ ᠂ | ᠫᠢᠨᠭᠴᠢᠦᠸᠠᠨ ᠂ ᠨᠢᠩᠴᠧᠩ ᠤᠨ ᠬᠣᠯᠪᠣᠭᠠᠲᠤ ᠰᠢᠶᠠᠨ ᠤ | ᠵᠡᠪᠰᠡᠭᠲᠦ ᠫᠠᠷᠲ᠋ᠢᠽᠠᠨ ᠠᠨᠭᠭᠢ ᠶᠢᠨ ᠳᠠᠷᠤᠭ᠎ᠠ ᠶᠢᠨ | ᠲᠤᠰᠢᠶᠠᠯ ᠢ ᠡᠭᠦᠷᠭᠡᠯᠡᠭᠰᠡᠨ ᠪᠠᠶᠢᠨ᠎ᠠ᠃ | 1944 ᠣᠨ ᠤ2 ᠰᠠᠷ᠎ᠠ ᠶᠢᠨ5 ᠦ ᠡᠳᠦᠷ᠂ ᠭᠤᠷᠪᠠᠨ ᠲᠤᠭᠤᠷᠢᠭ ᠤᠨ | ᠴᠡᠷᠢᠭ ᠠᠩᠭᠢ ᠶᠢᠨ ᠨᠢᠭᠡᠳᠦᠯᠲᠡᠶ ᠪᠠᠶᠢᠷᠢᠯᠠᠭᠤᠯᠤᠯᠲᠠ | ᠳᠣᠣᠷ᠎ᠠ ᠂ ᠬᠤᠤ ᠷᠦᠢ ᠲᠢᠩ ᠨᠢᠩᠴᠧᠩ ᠤᠨ ( ᠰᠢᠶᠤᠤ ᠴᠧᠩ ᠽᠢ ) | ᠲᠤᠯᠤᠯᠳᠤᠭᠠᠨ ᠳᠤ ᠤᠷᠤᠯᠴᠠᠵᠠᠢ᠃ 6 ᠤ ᠦᠦᠷ ᠢᠶᠡᠷ | ᠪᠠᠶᠢᠯᠳᠤᠭᠠᠨ ᠳᠠᠭᠤᠰᠴᠤ ᠬᠤᠤ ᠷᠦᠢ ᠲᠢᠩ ᠵᠡᠷᠭᠡ 12 ᠬᠥᠮᠦᠨ | ᠪᠠᠶᠢᠯᠳᠤᠭᠠᠨ ᠤ ᠣᠯᠵᠠ ᠪᠠᠨ ᠠᠪᠴᠤ ᠰᠣᠩᠭᠢᠨ᠎ᠠ ᠶᠢᠨ ᠭᠤᠤ | ᠰᠢᠶᠠᠩ ᠶᠢᠨ ᠰᠢᠶᠤᠤ ᠯᠢᠶᠠᠩ ᠽᠢ ᠲᠣᠰᠬᠣᠨ ᠳᠦ ᠬᠦᠷᠢᠶ᠎ᠡ ᠪᠡᠨ | ᠪᠡᠬᠢᠯᠡᠵᠦ ᠪᠠᠶᠢᠲᠠᠯ᠎ᠠ ᠶᠠᠫᠣᠨ ᠳᠡᠭᠡᠷᠡᠮᠴᠢᠳ ᠪᠠ ᠬᠠᠭᠤᠷᠮᠠᠭ | ᠴᠡᠷᠢᠭ ᠤᠨ ᠳᠠᠢᠢᠯᠠᠯᠳ᠋ᠠ ᠶᠢᠨ ᠴᠡᠷᠢᠭ ᠭᠡᠨᠡᠳᠲᠡ ᠳᠠᠭᠠᠷᠢᠨ | ᠢᠷᠡᠬᠦ ᠳᠤ ᠬᠤᠤ ᠷᠦᠢ ᠲᠢᠩ ᠲᠡᠷᠡ ᠳᠠᠷᠤᠶ ᠳᠤᠨᠢ ᠴᠡᠷᠢᠭ | ᠠᠷᠠᠳ ᠢᠶᠠᠨ ᠳᠠᠭᠠᠭᠤᠯᠤᠨ ᠠᠭᠤᠯᠠ ᠠᠪᠠᠷᠢᠵᠤ ᠪᠠᠷᠠᠭᠤᠨᠰᠢ | ᠤᠬᠤᠷᠢᠪᠠ᠃ ᠲᠡᠷᠡ ᠨᠢᠭᠡᠨᠲᠡ ᠡᠮᠦᠨᠡᠰᠢ ᠵᠢᠵᠢᠭ ᠤᠯᠢᠶᠠᠰᠤᠨ | ᠭᠤᠤ ᠶᠢᠨ ᠡᠮᠦᠨ᠎ᠡ ᠰᠠᠯᠪᠦᠷᠢ ᠬᠥᠲᠥᠯ ᠢ ᠲᠠᠭᠠᠷᠢᠨ | ᠥᠩᠭᠡᠷᠡᠵᠡᠢ᠂ ᠭᠡᠪᠡᠴᠦ ᠬᠤᠶᠢᠨ᠎ᠠ ᠨᠢ ᠰᠢᠷᠬᠠᠲᠤᠭᠰᠠᠨ ᠨᠥᠬᠥᠷ | ᠨᠢ ᠪᠠᠶᠢᠭ᠎ᠠ ᠶᠢ ᠣᠯᠵᠤ ᠦᠵᠡᠭᠡᠳ ᠪᠤᠴᠠᠨ ᠬᠠᠷᠢᠵᠤ ᠬᠠᠮᠠᠭᠠᠯᠠᠨ | ᠪᠠᠶᠢᠯᠳᠤᠵᠤ ᠰᠤᠮᠤᠨ ᠳᠤ ᠣᠨᠣᠭᠳᠠᠵᠤ ᠬᠦᠨᠳᠦ ᠰᠢᠷᠬᠠᠲᠤᠪᠠ᠃ | ᠲᠡᠷᠡ ᠠᠮᠢ ᠨᠠᠰᠤ ᠨᠢ ᠲᠦᠭᠰᠢᠭᠦᠷᠢ ᠲᠠᠢ ᠪᠣᠯᠣᠭᠰᠠᠨ ᠦᠶᠡᠰ᠂ | ᠥᠪᠡᠷ ᠦᠨ ᠣᠯᠠᠨ ᠵᠢᠯ ᠬᠡᠷᠡᠭᠯᠡᠭᠰᠡᠨ ᠭᠠᠷ ᠫᠤᠤ ᠪᠠᠨ | ᠥᠷᠭᠡᠰᠦᠲᠦ ᠮᠤᠳᠤ ᠢᠭᠴᠤᠷᠠᠭᠰᠠᠨ ᠴᠢᠯᠠᠭᠤᠲᠤ ᠭᠤᠤ ᠳᠤ | ᠬᠠᠶᠠᠵᠤ᠂ ᠲᠤᠭᠳᠠᠭᠤᠨ ᠲᠠᠶᠢᠪᠤᠩ ᠪᠠᠶᠢᠵᠤ᠂ ᠡᠴᠦᠰ ᠲᠡᠬᠡᠨ | ᠴᠢᠰᠤ ᠶᠡᠬᠡᠪᠡᠷ ᠤᠷᠤᠰᠤᠭᠰᠠᠨ ᠠᠴᠠ ᠪᠡᠶ᠎ᠡ ᠦᠷᠡᠭᠳᠡᠵᠡᠢ ᠂ | ᠲᠤᠬᠠᠶ ᠶᠢᠨ ᠵᠢᠯ ᠰᠠᠶ᠋ᠢ 33 ᠨᠠᠰᠤᠲᠠᠶ ᠪᠠᠶᠢᠵᠠᠢ ᠃ | |