ᠬᠤᠤ ᠷᠦᠢ ᠲᠢᠩ
ᠨᠡᠶᠢᠲᠡᠯᠡᠭᠰᠡᠨ ᠴᠠᠭ᠄
2024/11/25
ᠬᠤᠤ ᠷᠦᠢ ᠲᠢᠩ ( 1911-1944 )     ᠬᠤᠤ ᠷᠦᠢ ᠲᠢᠩ ᠂ ᠡᠷᠡᠭᠲᠡᠶ ᠂ ᠬᠢᠲᠠᠳ ᠦᠨᠳᠦᠰᠦᠲᠡᠨ᠂ 1911 ᠣᠨ ᠳᠤ ᠬᠠᠷᠠᠴᠢᠨ ᠬᠣᠰᠢᠭᠤᠨ ᠤ ᠸᠠᠩ  ᠶᠧ ᠳ᠋ᠢᠶᠠᠨ ᠤ ᠳ᠋ᠦᠩ ᠵᠢᠤᠢ ᠽᠢ ᠶᠢᠨ ᠶᠡᠬᠡ ᠡᠯ ᠳ᠋ᠤᠤ ᠭᠧᠤ ᠶᠢᠨ ᠬᠥᠮᠦᠨ ᠃     ᠬᠤᠤ ᠷᠦᠢ ᠲᠢᠩ ᠵᠠᠩ ᠠᠭᠠᠰᠢ ᠨᠢ ᠠᠰᠪᠤᠷ ᠰᠢᠯᠤᠭᠤᠨ ᠂ ᠵᠣᠷᠢᠭᠲᠠᠶ ᠂ ᠨᠥᠬᠥᠷᠯᠡᠬᠦ ᠳᠤᠷᠠᠲᠠᠢ᠃ 1929-1932 ᠣᠨ ᠳᠤ ᠮᠦᠭᠳᠡᠨ ᠦ ᠴᠡᠷᠢᠭ ᠦᠨ ᠡᠷᠬᠡᠲᠡᠨ ᠳᠦ ᠴᠡᠷᠢᠭ ᠶᠠᠪᠤᠵᠤ᠂ ᠰᠡᠭᠦᠯᠡᠷ ᠨᠢ ᠡᠴᠢᠭᠡ ᠶᠡᠬᠡ ᠠᠪᠠᠭ᠎ᠠ ᠨᠢ ᠤᠷᠢᠳ ᠬᠣᠵᠢᠳ ᠨᠠᠰᠤ ᠪᠠᠷᠠᠵᠤ ᠡᠬᠡ ᠨᠢ ᠥᠨᠥᠴᠢᠨ ᠪᠡᠯᠪᠡᠰᠦᠨ ᠪᠣᠯᠬᠤ ᠳᠤ᠂ ᠬᠤᠤ ᠷᠦᠢ ᠲᠢᠩ ᠰᠠᠶ᠋ᠢ ᠴᠡᠷᠢᠭ  ᠦᠨ ᠠᠯᠪᠠᠨ ᠠᠴᠠ ᠪᠠᠭᠤᠵᠤ ᠭᠡᠷ ᠲᠡᠬᠡᠨ ᠬᠠᠷᠢᠵᠤ ᠵᠢᠵᠢᠭ ᠮᠠᠶᠢᠮᠠᠶ ᠬᠢᠵᠡᠢ᠂ ᠬᠠᠭᠤᠷᠮᠠᠭ ᠮᠠᠨᠵᠤ ᠤᠯᠤᠰ ᠤᠨ ᠡᠬᠢᠨ ᠦ ᠦᠶ᠎ᠡ ᠳᠦ ᠪᠤᠷᠬᠠᠨᠲᠤ ᠳᠦ ᠣᠶᠣᠳᠠᠯ ᠤᠨ ᠭᠠᠵᠠᠷ ᠨᠡᠭᠡᠭᠡᠵᠦ ᠪᠠᠶᠢᠪᠠ ᠃     1933 ᠣᠨ ᠳᠤ ᠶᠠᠫᠣᠨ ᠤ ᠡᠵᠡᠷᠬᠡᠭ ᠲᠦᠷᠢᠮᠡᠭᠡᠶᠢᠳᠡᠨ ᠷᠧᠾᠧ ᠶᠢ ᠡᠵᠡᠯᠡᠵᠡᠢ ᠂ ᠬᠤᠤ ᠷᠦᠢ ᠲᠢᠩ ᠤᠯᠤᠰ ᠠᠷᠠᠳ ᠥᠰᠢᠶ᠎ᠡ ᠬᠣᠷᠣᠰᠤᠯ ᠢ ᠡᠪᠦᠷᠯᠡᠨ᠂ 1941 ᠣᠨ ᠤ ᠬᠠᠪᠤᠷ ᠶᠠᠫᠣᠨ ᠢ ᠡᠰᠡᠷᠭᠦᠴᠡᠬᠦ ᠴᠡᠷᠢᠭ ᠠᠩᠭᠢ ᠳᠤ ᠣᠷᠣᠯᠴᠠᠭᠰᠠᠨ ᠪᠠᠶᠢᠨ᠎ᠠ ᠃  ᠡᠬᠢᠯᠡᠭᠡᠳ ᠮᠠ ᠯᠦᠩ ᠪᠢᠶᠤᠤ ᠶᠢᠨ ᠴᠡᠷᠢᠭ ᠠᠩᠭᠢ ᠳᠤ ᠰᠠᠯᠠᠭᠠᠨ ᠳᠠᠷᠤᠭ᠎ᠠ ᠶᠢᠨ ᠲᠤᠰᠢᠶᠠᠯ ᠡᠭᠦᠷᠭᠡᠯᠡᠪᠡ᠂ ᠤᠳᠠᠯ ᠦᠭᠡᠢ ᠾᠸᠪᠸᠢ ᠵᠢᠨ ᠵᠡᠭᠦᠨ ᠬᠡᠰᠡᠭ ᠦᠨ ᠴᠡᠷᠢᠭ ᠦᠨ ᠬᠤᠪᠢᠶᠠᠷᠢ ᠲᠣᠭᠣᠷᠢᠭ ᠤᠨ ᠵᠢᠭᠠᠨ ᠰᠤᠷᠭᠠᠬᠤ ᠶᠡᠬᠡ ᠠᠨᠭᠭᠢ ᠳᠦ ᠪᠣᠯᠪᠠᠰᠤᠷᠠᠯ ᠬᠦᠷᠲᠡᠵᠦ᠂ 5 ᠰᠠᠷ᠎ᠠ ᠶᠢᠨ ᠲᠠᠷᠠᠭ᠎ᠠ ᠾᠸᠪᠸᠢ ᠵᠢᠨ ᠵᠡᠭᠦᠨ ᠬᠡᠰᠡᠭ ᠦᠨ ᠴᠡᠷᠢᠭ ᠦᠨ ᠬᠤᠪᠢᠶᠠᠷᠢ ᠲᠣᠭᠣᠷᠢᠭ ᠤᠨ ᠠᠷᠪᠠᠨ ᠨᠢᠭᠡᠳᠦᠭᠡᠷ ᠬᠣᠷᠢᠶ᠎ᠠ ᠶᠢᠨ ᠨᠢᠭᠡᠳᠦᠭᠡᠷ ᠰᠣᠮᠣᠨ ᠤ ᠬᠤᠶᠠᠳᠤᠭᠠᠷ ᠰᠠᠯᠠᠭ᠎ᠠ ᠶᠢᠨ ᠰᠠᠯᠠᠭᠠᠨ ᠳᠠᠷᠤᠭ᠎ᠠ ᠶᠢᠨ ᠲᠤᠰᠢᠶᠠᠯ ᠢ ᠡᠭᠦᠷᠭᠡᠯᠡᠵᠦ ᠪᠠᠶᠢᠪᠠ᠃1942 ᠣᠨ ᠳᠤ ᠴᠡᠷᠢᠭ ᠦᠨ ᠬᠤᠪᠢᠶᠠᠷᠢ ᠲᠣᠭᠣᠷᠢᠭ ᠤᠨ ᠲᠠᠩᠨᠠᠭᠤᠯ ᠤᠨ ᠰᠤᠮᠤᠨ ᠤ ᠳᠠᠷᠤᠭ᠎ᠠ ᠪᠠᠷ ᠠᠵᠢᠯᠯᠠᠵᠤ᠂ ᠴᠠᠭᠠᠨ ᠬᠡᠷᠡᠮ ᠦᠨ ᠳᠣᠲᠣᠨ᠎ᠠ ᠭᠠᠳᠠᠨ᠎ᠠ ᠪᠣᠯᠤᠨ ᠴᠧᠩᠳ᠋ᠧ ᠂ ᠫᠢᠨᠭᠴᠢᠦᠸᠠᠨ ᠂ ᠨᠢᠩᠴᠧᠩ ᠂ ᠬᠠᠷᠠᠴᠢᠨ ᠪᠠᠷᠠᠭᠤᠨ ᠬᠣᠰᠢᠭᠤ ᠵᠡᠷᠭᠡ ᠭᠠᠵᠠᠷ ᠤᠨ ᠠᠭᠤᠯᠠᠷᠬᠠᠭ ᠣᠷᠣᠨ ᠢᠶᠠᠷ ᠠᠵᠢᠯᠯᠠᠭ᠎ᠠ ᠥᠷᠨᠢᠭᠦᠯᠵᠦ ᠪᠠᠶᠢᠵᠠᠢ᠃ ᠬᠤᠤ ᠷᠦᠢ ᠲᠢᠩ ᠨᠢᠭᠤᠴᠠ ᠪᠠᠷ ᠹᠠᠨ ᠽᠢ ᠶᠤᠸᠠᠨ᠂ ᠯᠢ ᠳ᠋ᠥᠩ ᠶᠠᠩ᠂  ᠵᠠᠩ ᠯᠢᠶᠠᠨ ᠱᠧᠩ ᠵᠡᠷᠭᠡ 10 ᠭᠠᠷᠤᠶ ᠬᠥᠮᠦᠨ ᠢ ᠤᠬᠠᠭᠤᠯᠵᠤ ᠬᠣᠯᠪᠣᠭᠠᠴᠢᠨ ᠪᠤᠯᠭᠠᠵᠠᠢ᠃ 1941 ᠣᠨ ᠠᠴᠠ ᠬᠣᠶᠢᠰᠢ᠂ ᠶᠠᠫᠣᠨ ᠳᠡᠭᠡᠷᠡᠮᠴᠢᠳ ᠪᠠ ᠬᠠᠭᠤᠷᠮᠠᠭ ᠴᠡᠷᠢᠭ ᠲᠠᠰᠤᠷᠠᠯ ᠦᠭᠡᠢ ᠫᠠᠷᠲ᠋ᠢᠽᠠᠨ ᠣᠷᠣᠨ ᠢ ᠪᠦᠰᠡᠯᠡᠨ ᠳᠠᠭᠠᠷᠢᠵᠤ ᠪᠠᠶᠢᠭᠰᠠᠨ ᠪᠣᠯᠪᠠᠴᠤ᠂ ᠬᠤᠤ ᠷᠦᠢ ᠲᠢᠩ ᠤᠨ ᠶᠠᠫᠣᠨ ᠢ ᠡᠰᠡᠷᠭᠦᠴᠡᠬᠦ ᠫᠠᠷᠲ᠋ᠢᠽᠠᠨ ᠠᠡᠭᠬᠢ ᠬᠠᠷᠢᠨ ᠤᠯᠠᠨ ᠲᠦᠮᠡᠨ ᠦ ᠳᠡᠮᠵᠢᠯᠭᠡ ᠪᠠ ᠬᠠᠮᠠᠭᠠᠯᠠᠯ ᠳᠣᠣᠷ᠎ᠠ᠂ ᠳᠠᠶᠢᠰᠤᠨ ᠳᠤ ᠤᠯᠠᠮ ᠰᠢᠷᠦᠭᠦᠨ ᠴᠣᠬᠢᠯᠲᠠ ᠦᠭᠴᠦ ᠪᠠᠶᠢᠵᠡᠢ ᠃ 1943 ᠣᠨ ᠳᠤ ᠲᠡᠭᠦᠨ ᠦ ᠴᠡᠷᠢᠭ ᠠᠩᠭᠢ ᠪᠣᠯᠣᠨ ᠵᠢᠢ ᠬᠤᠩ ᠡᠸ᠋ᠨ ᠦ ᠴᠡᠷᠢᠭ ᠪᠤᠷᠬᠠᠨᠲᠤ ᠶᠢᠨ ᠰᠠᠨ ᠴᠠ ᠺᠧᠤ ᠶᠢᠨ ᠬᠠᠭᠤᠷᠮᠠᠭ ᠴᠠᠭᠳᠠᠭ᠎ᠠ ᠶᠢᠨ ᠰᠠᠭᠤᠵᠤ ᠪᠠᠶᠢᠭ᠎ᠠ ᠭᠠᠵᠠᠷ ᠢ ᠳᠠᠭᠠᠷᠢᠵᠤ᠂ ᠸᠠᠩ ᠤᠨ ᠳ᠋ᠢᠶᠠᠨ ᠭᠠᠴᠠᠭᠠᠨ ᠤ ᠳ᠋ᠦᠩ ᠵᠢᠤᠢ ᠽᠢ ᠶᠢᠨ ᠬᠠᠭᠤᠷᠮᠠᠭ ᠥᠷᠲᠡᠭᠡᠨ ᠳᠠᠷᠤᠭ᠎ᠠ᠂ ᠬᠢᠲᠠᠳ ᠤᠨ ᠵᠠᠯᠢᠬᠠᠶ ᠯᠢ ᠶᠠᠨ ᠢ ᠵᠠᠯᠬᠠᠭᠠᠨ ᠰᠢᠢᠳᠬᠡᠵᠡᠢ᠃ ᠲᠡᠷᠡ ᠴᠡᠷᠢᠭ ᠠᠩᠬᠢ ᠪᠠᠨ ᠳᠠᠭᠠᠭᠤᠯᠤᠨ ᠰᠢᠩ ᠯᠦᠩ ᠳᠦ ᠬᠦᠷᠴᠦ  ᠭᠤᠤᠯ ᠬᠦᠴᠦᠨ ᠲᠠᠢ ᠬᠠᠮᠲᠤᠷᠠᠨ ᠱᠧᠦ ᠸᠠᠩ ᠹᠧᠨ ᠦ ᠪᠠᠶᠢᠯᠳᠤᠭᠠᠨ ᠳᠤ ᠤᠷᠤᠯᠴᠠᠵᠠᠢ᠃  ᠲᠡᠷᠡ ᠴᠢᠳᠠᠮᠠᠭᠠᠶ ᠪᠠᠶᠢᠯᠳᠤᠳᠠᠭ  ᠪᠦᠭᠡᠳ ᠡᠷᠡᠯᠬᠡᠭ ᠪᠠᠭᠠᠲᠤᠷ ᠡᠷᠡᠰ ᠰᠢᠭᠤᠷᠬᠠᠶ ᠲᠤᠯᠠ ᠤᠯᠠᠠ ᠤᠳᠠᠭ᠎ᠠ ᠳᠡᠭᠡᠳᠦ ᠱᠠᠲᠤᠨ ᠤ  ᠰᠠᠶᠢᠰᠢᠶᠠᠯ ᠢ ᠬᠦᠷᠲᠡᠵᠦ᠂ ᠬᠣᠵᠢᠮ ᠨᠢ ᠴᠧᠩᠳ᠋ᠧ ᠂ ᠫᠢᠨᠭᠴᠢᠦᠸᠠᠨ ᠂ ᠨᠢᠩᠴᠧᠩ ᠤᠨ ᠬᠣᠯᠪᠣᠭᠠᠲᠤ ᠰᠢᠶᠠᠨ ᠤ ᠵᠡᠪᠰᠡᠭᠲᠦ ᠫᠠᠷᠲ᠋ᠢᠽᠠᠨ ᠠᠨᠭᠭᠢ ᠶᠢᠨ ᠳᠠᠷᠤᠭ᠎ᠠ ᠶᠢᠨ ᠲᠤᠰᠢᠶᠠᠯ ᠢ ᠡᠭᠦᠷᠭᠡᠯᠡᠭᠰᠡᠨ ᠪᠠᠶᠢᠨ᠎ᠠ᠃     1944 ᠣᠨ ᠤ2 ᠰᠠᠷ᠎ᠠ ᠶᠢᠨ5 ᠦ ᠡᠳᠦᠷ᠂ ᠭᠤᠷᠪᠠᠨ ᠲᠤᠭᠤᠷᠢᠭ ᠤᠨ ᠴᠡᠷᠢᠭ ᠠᠩᠭᠢ ᠶᠢᠨ ᠨᠢᠭᠡᠳᠦᠯᠲᠡᠶ ᠪᠠᠶᠢᠷᠢᠯᠠᠭᠤᠯᠤᠯᠲᠠ ᠳᠣᠣᠷ᠎ᠠ ᠂ ᠬᠤᠤ ᠷᠦᠢ ᠲᠢᠩ ᠨᠢᠩᠴᠧᠩ ᠤᠨ ( ᠰᠢᠶᠤᠤ ᠴᠧᠩ ᠽᠢ )ᠲᠤᠯᠤᠯᠳᠤᠭᠠᠨ ᠳᠤ ᠤᠷᠤᠯᠴᠠᠵᠠᠢ᠃ 6  ᠤ ᠦᠦᠷ  ᠢᠶᠡᠷ ᠪᠠᠶᠢᠯᠳᠤᠭᠠᠨ ᠳᠠᠭᠤᠰᠴᠤ ᠬᠤᠤ ᠷᠦᠢ ᠲᠢᠩ ᠵᠡᠷᠭᠡ 12 ᠬᠥᠮᠦᠨ ᠪᠠᠶᠢᠯᠳᠤᠭᠠᠨ ᠤ ᠣᠯᠵᠠ  ᠪᠠᠨ ᠠᠪᠴᠤ ᠰᠣᠩᠭᠢᠨ᠎ᠠ ᠶᠢᠨ ᠭᠤᠤ ᠰᠢᠶᠠᠩ ᠶᠢᠨ ᠰᠢᠶᠤᠤ ᠯᠢᠶᠠᠩ ᠽᠢ ᠲᠣᠰᠬᠣᠨ ᠳᠦ ᠬᠦᠷᠢᠶ᠎ᠡ ᠪᠡᠨ ᠪᠡᠬᠢᠯᠡᠵᠦ ᠪᠠᠶᠢᠲᠠᠯ᠎ᠠ ᠶᠠᠫᠣᠨ ᠳᠡᠭᠡᠷᠡᠮᠴᠢᠳ ᠪᠠ ᠬᠠᠭᠤᠷᠮᠠᠭ ᠴᠡᠷᠢᠭ ᠤᠨ ᠳᠠᠢᠢᠯᠠᠯᠳ᠋ᠠ ᠶᠢᠨ ᠴᠡᠷᠢᠭ ᠭᠡᠨᠡᠳᠲᠡ ᠳᠠᠭᠠᠷᠢᠨ ᠢᠷᠡᠬᠦ ᠳᠤ ᠬᠤᠤ ᠷᠦᠢ ᠲᠢᠩ ᠲᠡᠷᠡ ᠳᠠᠷᠤᠶ ᠳᠤᠨᠢ ᠴᠡᠷᠢᠭ ᠠᠷᠠᠳ ᠢᠶᠠᠨ ᠳᠠᠭᠠᠭᠤᠯᠤᠨ ᠠᠭᠤᠯᠠ ᠠᠪᠠᠷᠢᠵᠤ ᠪᠠᠷᠠᠭᠤᠨᠰᠢ  ᠤᠬᠤᠷᠢᠪᠠ᠃ ᠲᠡᠷᠡ ᠨᠢᠭᠡᠨᠲᠡ ᠡᠮᠦᠨᠡᠰᠢ ᠵᠢᠵᠢᠭ  ᠤᠯᠢᠶᠠᠰᠤᠨ ᠭᠤᠤ ᠶᠢᠨ ᠡᠮᠦᠨ᠎ᠡ ᠰᠠᠯᠪᠦᠷᠢ ᠬᠥᠲᠥᠯ ᠢ ᠲᠠᠭᠠᠷᠢᠨ ᠥᠩᠭᠡᠷᠡᠵᠡᠢ᠂ ᠭᠡᠪᠡᠴᠦ ᠬᠤᠶᠢᠨ᠎ᠠ ᠨᠢ ᠰᠢᠷᠬᠠᠲᠤᠭᠰᠠᠨ ᠨᠥᠬᠥᠷ ᠨᠢ ᠪᠠᠶᠢᠭ᠎ᠠ ᠶᠢ ᠣᠯᠵᠤ ᠦᠵᠡᠭᠡᠳ ᠪᠤᠴᠠᠨ ᠬᠠᠷᠢᠵᠤ ᠬᠠᠮᠠᠭᠠᠯᠠᠨ ᠪᠠᠶᠢᠯᠳᠤᠵᠤ ᠰᠤᠮᠤᠨ ᠳᠤ ᠣᠨᠣᠭᠳᠠᠵᠤ ᠬᠦᠨᠳᠦ ᠰᠢᠷᠬᠠᠲᠤᠪᠠ᠃ ᠲᠡᠷᠡ ᠠᠮᠢ ᠨᠠᠰᠤ ᠨᠢ ᠲᠦᠭᠰᠢᠭᠦᠷᠢ ᠲᠠᠢ ᠪᠣᠯᠣᠭᠰᠠᠨ ᠦᠶᠡᠰ᠂ ᠥᠪᠡᠷ ᠦᠨ ᠣᠯᠠᠨ ᠵᠢᠯ ᠬᠡᠷᠡᠭᠯᠡᠭᠰᠡᠨ ᠭᠠᠷ ᠫᠤᠤ ᠪᠠᠨ ᠥᠷᠭᠡᠰᠦᠲᠦ ᠮᠤᠳᠤ ᠢᠭᠴᠤᠷᠠᠭᠰᠠᠨ ᠴᠢᠯᠠᠭᠤᠲᠤ ᠭᠤᠤ ᠳᠤ ᠬᠠᠶᠠᠵᠤ᠂ ᠲᠤᠭᠳᠠᠭᠤᠨ ᠲᠠᠶᠢᠪᠤᠩ ᠪᠠᠶᠢᠵᠤ᠂ ᠡᠴᠦᠰ ᠲᠡᠬᠡᠨ ᠴᠢᠰᠤ ᠶᠡᠬᠡᠪᠡᠷ ᠤᠷᠤᠰᠤᠭᠰᠠᠨ ᠠᠴᠠ ᠪᠡᠶ᠎ᠡ ᠦᠷᠡᠭᠳᠡᠵᠡᠢ ᠂ ᠲᠤᠬᠠᠶ ᠶᠢᠨ ᠵᠢᠯ ᠰᠠᠶ᠋ᠢ 33 ᠨᠠᠰᠤᠲᠠᠶ ᠪᠠᠶᠢᠵᠠᠢ ᠃  
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ