ᠫᠧᠢ ᠸᠧᠨ ᠾᠧ
  
2024/11/27
ᠫᠧᠢ ᠸᠧᠨ ᠾᠧ(1920-1944 )     ᠫᠸᠢ ᠸᠸᠨ ᠾᠧ ᠂ ᠡᠷᠡᠭᠲᠡᠶ ᠂ ᠬᠢᠲᠠᠳ ᠦᠨᠳᠦᠰᠦᠲᠡᠨ᠂ 1920 ᠣᠨ ᠳᠤ ᠨᠢᠩᠴᠧᠩ ᠰᠢᠶᠠᠨ ᠤ ᠰᠢ ᠴᠢᠤᠸᠠᠨ ᠰᠢᠶᠠᠩ ᠤᠨ ᠹᠠᠨ ᠵᠠᠩ ᠽᠢ ᠲᠣᠰᠬᠣᠨ ᠳᠤ ᠲᠥᠷᠥᠵᠡᠢ᠂ ᠭᠡᠷ ᠦᠨ ᠠᠮᠢᠳᠤᠷᠠᠯ ᠨᠢ ᠶᠠᠳᠠᠭᠤ ᠬᠦᠴᠢᠷᠲᠡᠶ ᠪᠣᠯᠬᠣᠷ ᠰᠤᠷᠭᠠᠭᠤᠯᠢ ᠳᠤ ᠰᠠᠭᠤᠭᠰᠠᠨ ᠦᠭᠡᠢ᠂ ᠥᠪᠡᠷᠲᠡᠭᠡᠨ ᠰᠤᠷᠬᠤ ᠪᠠᠷ ᠳᠠᠮᠵᠢᠵᠤ᠂ ᠤᠢᠰᠦᠭ ᠪᠢᠴᠢᠭ ᠵᠢᠭᠠᠬᠠᠨ ᠲᠥᠰᠥᠭᠡᠯᠡᠳᠡᠭ ᠪᠠᠶᠢᠵᠠᠢ ᠃     1938 ᠣᠨ ᠳᠤ ‍ᠫᠸᠢ ᠸᠸᠨ ᠾᠧ ᠲᠤᠰ ᠣᠷᠣᠨ ᠳᠠᠭᠠᠨ ᠰᠢᠷ᠎ᠠ ᠵᠢᠳᠠᠲᠤ ᠡᠪᠯᠡᠯ  ᠳᠦ ᠣᠷᠣᠵᠤ ᠪᠠᠭᠰᠢ ᠯᠠᠮᠠ ᠪᠣᠯᠣᠭᠠᠳ ᠱᠠᠪᠢ ᠳᠠᠭᠠᠭᠤᠯᠵᠤ ᠣᠯᠠᠭᠤᠯᠠ ᠨᠡᠶᠢᠯᠡᠵᠦ ᠳᠡᠭᠡᠷᠡᠮ ᠢ  ᠴᠣᠬᠢᠵᠤ ᠪᠠᠶᠢᠵᠠᠢ᠃  ᠱᠠᠪᠢ ᠨᠠᠷ ᠢᠶᠠᠨ ᠳᠠᠭᠠᠭᠤᠯᠵᠤ 30 ᠭᠠᠷᠤᠶ ᠳᠡᠭᠡᠷᠡᠮᠴᠢᠳ ᠲᠠᠢ ᠴᠢᠩ ᠱᠠᠨ ᠤ ᠳᠡᠭᠡᠷᠡᠮ ᠢ ᠴᠣᠬᠢᠨ ᠪᠣᠰᠨᠢᠭᠤᠯᠤᠭᠰᠠᠨ ᠪᠢᠯᠡ᠃ ᠯᠢᠦ ᠬᠤ᠋ ᠽᠢ ᠭᠧᠤ ᠶᠢᠨ ᠳᠡᠭᠡᠷᠡᠮ ᠭᠤᠤ ᠵᠠᠨ ᠢᠥᠢ ᠶᠢ ᠴᠣᠬᠢᠬᠤ ᠦᠶ᠎ᠡ ᠳᠦ ᠨᠢᠭᠡ ᠬᠥᠯ ᠨᠢ ᠰᠢᠷᠬᠠᠲᠤᠵᠤ ᠳᠣᠭᠣᠯᠠᠩ ᠪᠣᠯᠤᠭᠰᠠᠨ ᠪᠠᠶᠢᠨ᠎ᠠ ᠃     1940 ᠣᠨ ᠤ9 ᠰᠠᠷ᠎ᠠ  ᠳᠦ  ᠯᠢ ᠴᠢᠩ ᠱᠠᠨ ᠲᠦᠷᠦᠭᠦᠲᠡᠶ ᠨᠠᠶᠮᠠᠳᠤᠭᠠᠷ ᠵᠠᠮ ᠤᠨ ᠴᠡᠷᠢᠭ ᠦᠨ ᠲᠡᠮᠦᠷ ᠵᠠᠮ ᠤᠨ ᠬᠣᠶᠢᠨᠠᠬᠢ( ᠵᠢᠨᠵᠸᠦ ᠡᠴᠡ ᠴᠧᠩᠳ᠋ᠧ ᠬᠦᠷᠬᠦ ᠲᠡᠮᠦᠷ ᠵᠠᠮ )ᠠᠵᠢᠯᠯᠠᠬᠤ ᠳᠤᠭᠤᠶᠢᠯᠠᠩ ᠹᠠᠨ ᠵᠠᠩ ᠽᠢ ᠲᠤᠰᠬᠤᠨ ᠳᠤ ᠢᠷᠡᠵᠦ ᠬᠤᠪᠢᠰᠬᠠᠯ ᠬᠢᠬᠦ ᠪᠠ ᠶᠠᠫᠣᠨ ᠢ ᠡᠰᠡᠷᠭᠦᠴᠡᠬᠦ ᠲᠡᠮᠡᠴᠡᠯ ᠦᠨ ᠤᠬᠠᠭᠤᠯᠭ᠎ᠠ ᠬᠢᠵᠡᠢ᠂ ᠫᠸᠢ ᠸᠸᠨ ᠾᠧ ᠰᠣᠨᠣᠰᠤᠭᠠᠳ ᠡᠷᠡᠰ ᠰᠢᠭᠤᠷᠬᠠᠶ ᠪᠠᠷ ᠶᠠᠫᠣᠨ ᠢ ᠡᠰᠡᠷᠭᠦᠴᠡᠬᠦ ᠴᠡᠷᠢᠭ ᠠᠩᠭᠢ ᠳᠤ ᠣᠷᠣᠯᠴᠠᠭᠰᠠᠨ ᠪᠠᠶᠢᠨ᠎ᠠ ᠃ 10 ᠳ᠋ᠤᠭᠠᠷ ᠰᠠᠷ᠎ᠠ ᠳᠤ ᠂ ᠫᠸᠢ ᠸᠸᠨ ᠾᠧ ᠵᠢᠴᠢ ᠯᠢ ᠰᠢᠣᠸᠠᠢ ᠬᠤᠢ( ᠯᠢ ᠰᠢᠶᠠ ) ᠂  ᠯᠢᠨ ᠮᠠᠤ ᠵᠤᠸᠠᠩ ᠂ ᠳ᠋ᠧᠩ ᠶᠦᠨ ᠵᠡᠷᠭᠡ 10 ᠭᠠᠷᠤᠶ ᠵᠠᠯᠠᠭᠤᠴᠤᠳ ᠾᠸᠪᠸᠢ ᠮᠤᠵᠢ ᠶᠢᠨ ᠵᠡᠭᠦᠨ ᠬᠡᠰᠡᠭ ᠦᠨ ᠬᠤᠪᠢᠰᠬᠠᠯ ᠤᠨ ᠰᠠᠭᠤᠷᠢᠨ ᠭᠠᠵᠠᠷ ᠲᠤ ᠲᠣᠮᠢᠯᠠᠭᠳᠠᠨ ᠰᠤᠷᠤᠯᠴᠠᠵᠤ ᠂ 12 ᠰᠠᠷ᠎ᠠ ᠶᠢᠨ ᠰᠡᠭᠦᠯᠴᠢ ᠪᠡᠷ ᠂ ᠴᠧᠩᠳ᠋ᠸ ᠂ ᠫᠢᠩᠴᠢᠣᠸᠠᠨ᠂ ᠨᠢᠩᠴᠧᠩ ᠵᠡᠷᠭᠡ ᠭᠠᠵᠠᠷ ᠣᠷᠣᠨ ᠢᠶᠠᠷ ᠫᠠᠷᠲ᠋ᠢᠽᠠᠨ ᠠᠩᠬᠢ ᠵᠣᠬᠢᠶᠠᠨ ᠪᠠᠶᠢᠭᠤᠯᠵᠤ᠂ ᠫᠸᠢ ᠸᠸᠨ ᠾᠧ ᠠᠩᠭᠢ ᠶᠢᠨ ᠳᠠᠷᠤᠭ᠎ᠠ ᠶᠢᠨ ᠠᠵᠢᠯ ᠢ ᠬᠠᠷᠢᠭᠤᠴᠠᠵᠤ ᠨᠡᠶᠢᠲᠡ 24 ᠬᠥᠮᠦᠨ ᠲᠠᠢ ᠪᠠᠶᠢᠪᠠ᠃ ᠫᠠᠷᠲ᠋ᠢᠽᠠᠨ ᠠᠩᠬᠢ ᠨᠢ ᠭᠤᠸᠠᠩ ᠲᠧᠦ ᠱᠠᠨ ᠠᠭᠤᠯᠠ ᠂  ᠨᠢᠭᠡ ᠭᠤᠷᠪᠠ ᠨᠠᠶᠮᠠ ᠫᠠᠶᠢᠰᠠ ᠂  ᠰᠢᠪᠦᠭᠡ ᠠᠭᠤᠯᠠ ᠂ ᠭᠤᠷᠪᠠᠨ ᠭᠤᠤ ᠂ ᠮᠤᠤ ᠯᠠᠨ ᠭᠤᠤ ᠣᠷᠴᠢᠮ ᠢᠶᠠᠷ ᠫᠠᠷᠲ᠋ᠢᠽᠠᠨ ᠠᠵᠢᠯᠯᠠᠭ᠎ᠠ ᠥᠷᠨᠢᠭᠦᠯᠵᠦ ᠂ ᠡᠩᠨᠡᠭᠡ ᠨᠢ ᠲᠠᠰᠤᠷᠠᠯᠲᠠ ᠦᠭᠡᠢ  ᠥᠷᠭᠡᠳᠴᠦ ᠪᠠᠶᠢᠵᠠᠢ ᠃     1941 ᠣᠨ ᠤ3 ᠰᠠᠷ᠎ᠠ ᠶᠢᠨ ᠡᠬᠢ ᠪᠡᠷ ᠂ ᠫᠸᠢ ᠸᠸᠨ ᠾᠧ ᠂ ᠯᠢ ᠴᠢᠩ ᠱᠠᠨ ᠫᠠᠷᠲ᠋ᠢᠽᠠᠨ ᠠᠡᠭᠬᠢ  ᠪᠠᠨ ᠳᠠᠭᠠᠭᠤᠯᠵᠤ ᠾᠸᠪᠸᠢ ᠶᠢᠨ ᠵᠡᠭᠦᠨ ᠬᠡᠰᠡᠭ ᠦᠨ ᠰᠠᠭᠤᠷᠢᠨ ᠭᠠᠵᠠᠷ ᠲᠤ ᠢᠷᠡᠵᠦ ᠪᠣᠯᠪᠠᠰᠤᠷᠠᠯ ᠬᠢᠵᠦ᠂ ᠬᠠᠭᠠᠰ ᠰᠠᠷ᠎ᠠ ᠶᠢᠨ ᠳᠠᠷᠠᠭ᠎ᠠ ᠴᠡᠷᠢᠭ ᠠᠨᠭᠬᠢ ᠶᠢ ᠨᠢ ᠴᠢᠩ ᠯᠦᠩ ᠂ ᠫᠢᠩᠴᠢᠤᠸᠠᠨ ᠤ ᠫᠠᠷᠲ᠋ᠢᠽᠠᠨ ᠠᠩᠭᠢ ᠶᠢᠨ ᠬᠣᠶᠠᠳᠤᠭᠠᠷ ᠳᠤᠮᠳᠠ ᠠᠩᠭᠢ ᠪᠣᠯᠭᠠᠨ ᠪᠠᠶᠢᠭᠤᠯᠵᠤ᠂ 4 ᠰᠠᠷ᠎ᠠ ᠶᠢᠨ ᠰᠡᠭᠦᠯᠴᠢ ᠪᠡᠷ᠂ ᠫᠠᠷᠲ᠋ᠢᠽᠠᠨ ᠠᠩᠬᠢ ᠨᠢ ᠺᠤᠸᠠᠨ ᠴᠧᠩ ᠬᠣᠲᠠ  ᠶᠢᠨ ᠮᠠ ᠸᠸᠢ ᠭᠧᠦ᠂  ᠬᠣᠯᠣ ᠭᠤᠤ᠂  ᠰᠢᠦ᠋ᠩ ᠬᠤ᠋ ᠳ᠋ᠧᠦ᠂ ᠴᠧᠩᠳ᠋ᠧ ᠶᠢᠨ  ᠮᠠᠨ ᠵᠠᠩ ᠽᠢ ᠂ ᠨᠠᠢᠮᠠᠨᠭᠡᠷ ᠂ ᠫᠢᠩ ᠴᠢᠤᠸᠠᠨ ᠤ ᠳ᠋ᠠᠩ ᠪᠠ᠂ ᠭᠦᠸᠧ ᠵᠠᠩ ᠽᠢ ᠂   ᠪᠣᠷᠣᠬᠣᠰᠢᠭᠤ ᠵᠡᠷᠭᠡ ᠭᠠᠵᠠᠷ ᠲᠤ ᠶᠠᠫᠣᠨ ᠴᠡᠷᠢᠭ ᠬᠠᠭᠤᠷᠮᠠᠭ ᠴᠡᠷᠢᠭ  ᠲᠤ ᠴᠣᠬᠢᠯᠲᠠ ᠥᠭᠴᠦ ᠪᠠᠶᠢᠵᠠᠢ ᠃ 5 ᠰᠠᠷ᠎ᠠ ᠶᠢᠨ 29  ᠦ ᠡᠳᠦᠷ ᠂  ᠯᠥᠩ ᠸᠠᠨ ᠲᠣᠰᠬᠣᠨ ᠳᠤ ᠶᠠᠫᠣᠨ ᠤ ᠴᠡᠷᠢᠭ ᠠᠩᠭᠢ  ᠶᠢᠨ 20 ᠭᠠᠷᠤᠶ ᠬᠥᠮᠦᠨ ᠢ ᠠᠯᠠᠵᠠᠢ ᠃ ᠲᠡᠢᠢᠠ ᠦ ᠲᠡᠷᠡᠭ᠎ᠠ ᠂ ‍ᠫᠸᠢ ᠸᠸᠨ ᠾᠧ ᠂ ᠯᠢ ᠴᠢᠩ ᠱᠠᠨ ᠪᠣᠯᠤᠨ  ᠰᠤ᠋ ᠪᠠᠶ ᠰᠢ ᠂  ᠰᠤ᠋ ᠵᠢᠶ ᠾᠧᠩ ᠤᠨ ᠤᠳᠤᠷᠢᠳᠤᠭᠰᠠᠨ ᠬᠣᠶᠠᠷ ᠰᠠᠯᠠᠭ᠎ᠠ ᠫᠠᠷᠲ᠋ᠢᠽᠠᠨ ᠠᠩᠭᠢ ᠶᠢᠨ ᠨᠡᠶᠢᠲᠡ 50 ᠭᠠᠷᠤᠶ ᠬᠥᠮᠦᠨ ᠴᠧᠩᠳ᠋ᠸ ᠂ ᠫᠢᠩᠴᠢᠣᠸᠠᠨ᠂ ᠨᠢᠩᠴᠧᠩ ᠣᠷᠣᠨ ᠳᠦ ᠰᠢᠯᠵᠢᠵᠡᠢ᠃ 6 ᠰᠠᠷ᠎ᠠ ᠳᠤ ᠂ ᠫᠠᠷᠲ᠋ᠢᠽᠠᠨ ᠠᠩᠬᠢ ᠬᠠᠷᠠᠴᠢᠨ ᠪᠠᠷᠠᠭᠤᠨ ᠬᠣᠰᠢᠭᠤᠨ ᠤ ᠰᠢᠨ᠎ᠡ ᠳ᠋ᠢᠶᠠᠨ ᠴᠠᠭᠳᠠᠭᠠᠨ ᠤ ᠭᠠᠵᠠᠷ ᠢ ᠴᠣᠬᠢᠵᠤ ᠵᠠᠬᠢᠷᠭᠠᠨ ᠤ ᠳᠠᠷᠤᠭ᠎ᠠ ᠪᠣᠯᠤᠨ ᠨᠢᠭᠡ ᠴᠠᠭᠳᠠᠭ᠎ᠠ ᠶᠢ ᠠᠯᠠᠭᠰᠠᠨ ᠪᠠᠶᠢᠨ᠎ᠠ ᠃ ᠵᠠᠯᠭᠠᠭᠠᠳ ᠴᠧᠩᠳ᠋ᠧ ᠰᠢᠶᠠᠨ ᠤ  ᠨᠢᠭᠡ ᠭᠤᠷᠪᠠ ᠨᠠᠶᠮᠠᠳᠤᠭᠠᠷ ᠫᠠᠶᠢᠰᠠ ᠶᠢᠨ ᠴᠠᠭᠳᠠᠭ᠎ᠠ ᠶᠢᠨ ᠰᠠᠭᠤᠵᠤ ᠪᠠᠶᠢᠭ᠎ᠠ ᠭᠠᠵᠠᠷ ᠢ ᠳᠠᠭᠠᠷᠢᠵᠤ ᠢᠯᠠᠯᠲᠠ ᠣᠯᠵᠠᠢ᠃ 7 ᠰᠠᠷ᠎ᠠ ᠳᠤ ᠂ ᠫᠠᠷᠲ᠋ᠢᠽᠠᠨ ᠠᠩᠬᠢ ᠫᠢᠩ ᠴᠢᠤᠸᠠᠨ ᠰᠢᠶᠠᠨ ᠤ ᠰᠦᠩ ᠱᠤ᠋ ᠲᠠᠶ ᠪᠠᠯᠭᠠᠰᠤᠨ ᠳᠤ ᠂ ᠬᠠᠭᠤᠷᠮᠠᠭ ᠴᠠᠭᠳᠠᠭ᠎ᠠ ᠠᠶᠤᠯᠭᠠᠨ ᠰᠦᠷᠳᠡᠭᠦᠯᠬᠦ ᠪᠣᠶᠤ ᠰᠤᠷᠭᠠᠵᠤ ᠂ ᠲᠡᠳᠡᠨ ᠢ ᠠᠷᠠᠳ ᠲᠦᠮᠡᠨ ᠢ  ᠳᠠᠷᠤᠯᠠᠬᠤ ᠦᠭᠡᠢ᠂ ᠶᠠᠫᠣᠨ ᠴᠡᠷᠢᠭ ᠦᠨ ᠫᠠᠷᠲ᠋ᠢᠽᠠᠨ ᠠᠡᠭᠬᠢ ᠶᠢᠨ ᠪᠠᠶᠢᠳᠠᠯ ᠢ ᠮᠡᠳᠡᠭᠦᠯᠬᠦ ᠦᠭᠡᠢ ᠪᠣᠯᠭᠠᠵᠠᠢ᠃ 8 ᠰᠠᠷ᠎ᠠ ᠳᠤ ᠂ ᠰᠦᠩ  ᠱᠤ᠋ ᠲᠠᠶ  ᠪᠠᠯᠭᠠᠰᠤᠨ ᠳᠤ ᠬᠣᠶᠠᠷ ᠲᠠᠩᠨᠠᠭᠤᠯ ᠢ ᠳᠠᠷᠤᠩᠭᠤᠶᠢᠯᠠᠵᠤ᠂ ᠶᠠᠫᠣᠨ ᠳᠡᠭᠡᠷᠡᠮᠴᠢᠳ ᠪᠠ ᠬᠠᠭᠤᠷᠮᠠᠭ ᠴᠡᠷᠢᠭ ᠤᠨ ᠬᠥᠯᠦᠰᠦᠨ ᠠᠵᠢᠯᠴᠢᠨ ᠬᠦᠷᠭᠡᠵᠦ ᠶᠠᠪᠤᠭ᠎ᠠ ᠬᠣᠶᠠᠷ ᠮᠠᠰᠢᠨ ᠲᠡᠷᠭᠡ ᠶᠢ ᠬᠣᠷᠢᠭᠯᠠᠨ ᠴᠣᠬᠢᠵᠤ᠂ ᠪᠦᠬᠦ ᠬᠥᠯᠥᠰᠥᠨ ᠠᠵᠢᠯᠴᠢᠨ ᠢ ᠠᠪᠤᠷᠠᠵᠠᠢ᠃ 8 ᠰᠠᠷ᠎ᠠ ᠶᠢᠨ ᠰᠡᠭᠦᠯᠴᠢ ᠪᠡᠷ ᠫᠸᠢ ᠸᠸᠨ ᠾᠧ ᠶᠢᠨ ᠫᠠᠷᠲ᠋ᠢᠽᠠᠨ ᠠᠩᠬᠢ  ᠪᠤᠷᠬᠠᠨᠲᠤ ᠂ ᠰᠠᠨ ᠽᠦᠸᠧ ᠳ᠋ᠢᠶᠠᠨ  ᠤ ᠠᠭᠤᠯᠠᠷᠬᠠᠭ ᠣᠷᠣᠨ ᠢᠶᠠᠷ ᠠᠶᠠᠯᠠᠨ ᠪᠠᠶᠢᠯᠳᠤᠵᠤ ᠪᠠᠶᠢᠵᠠᠢ᠃ ᠬᠠᠯᠠᠭᠤᠨ ᠷᠠᠰᠢᠶᠠᠨ ᠤ ᠴᠢᠶᠠᠨ ᠼᠧᠩ ᠸᠠ ᠳᠤ ᠶᠠᠫᠣᠨ ᠬᠠᠭᠤᠷᠮᠠᠭ ᠴᠡᠷᠢᠭ ᠦᠨ ᠠᠮᠤᠷ ᠢ ᠬᠠᠮᠠᠭᠠᠯᠠᠬᠤ ᠠᠩᠭᠢ ᠶᠢᠨ 100 ᠭᠠᠷᠤᠶ ᠬᠥᠮᠦᠨ ᠢ ᠢᠯᠠᠵᠤ ᠂3 ᠬᠥᠮᠦᠨ ᠢ ᠴᠣᠬᠢᠨ ᠠᠯᠠᠵᠤ ᠂ 6 ᠬᠥᠮᠦᠨ ᠢ ᠴᠣᠬᠢᠵᠤ ᠰᠢᠷᠬᠠᠲᠤᠭᠤᠯᠪᠠ ᠃      ᠨᠢᠩᠴᠧᠩ ᠰᠢᠶᠠᠨ 1942 ᠣᠨ ᠤ2 ᠰᠠᠷ᠎ᠠ ᠶᠢᠨ9 ᠦ ᠡᠳᠦᠷ (ᠪᠢᠯᠢᠭ ᠦᠨ ᠤᠯᠠᠷᠢᠯ ᠤᠨ12 ᠰᠠᠷ᠎ᠠ ᠶᠢᠨ24) ᠫᠠᠷᠲ᠋ᠢᠽᠠᠨ ᠠᠩᠬᠢ ᠨᠢ  ᠭᠣᠷᠣᠬ᠎ᠠ ᠰᠢᠶᠠᠩ ᠤᠨ ᠨᠢᠶᠠᠨ ᠽᠢ ᠭᠧᠤ ᠳᠤ ᠶᠠᠫᠣᠨ ᠬᠠᠭᠤᠷᠮᠠᠭ ᠴᠡᠷᠢᠭ ᠲᠤ ᠪᠦᠰᠡᠯᠡᠭᠳᠡᠵᠦ᠂ ᠰᠢᠷᠦᠭᠦᠨ ᠲᠤᠯᠤᠯᠳᠤᠭᠠᠨ ᠬᠢᠵᠦ ᠂ ᠫᠸᠢ ᠸᠸᠨ ᠾᠧ ᠵᠠᠮ ᠲᠠᠨᠢᠬᠤ ᠲᠤᠯᠠ ᠴᠡᠷᠢᠭ ᠢᠶᠡᠨ ᠳᠠᠭᠠᠭᠤᠯᠵᠤ ᠪᠦᠰᠡᠯᠡᠯᠲᠡ ᠶᠢ ᠰᠢᠪᠲᠤᠯᠵᠤ ᠂ ᠶᠡᠬᠡ ᠠᠨᠭᠭᠢ ᠶᠢᠨ ᠳᠠᠷᠤᠭ᠎ᠠ ᠯᠢᠦ ᠶᠤᠸᠠᠨ ᠼᠦᠨ ᠪᠡᠶ᠎ᠡ ᠦᠷᠡᠭᠳᠡᠵᠡᠶ ᠃ 3 ᠰᠠᠷ᠎ᠠ ᠳᠤ ᠂ ᠫᠠᠷᠲ᠋ᠢᠽᠠᠨ ᠠᠩᠬᠢ ᠨᠢ ᠾᠸᠪᠸᠢ ᠵᠢᠨ ᠵᠡᠭᠦᠨ ᠬᠡᠰᠡᠭ ᠢᠶᠡᠷ ᠠᠶᠠᠯᠠᠨ ᠪᠠᠶᠢᠯᠳᠤᠵᠤ᠂ ‍ᠫᠸᠢ ᠸᠸᠨ ᠾᠧ ᠴᠢᠩ ᠫᠢᠩ ᠤᠨ ᠠᠵᠢᠯᠯᠠᠬᠤ ᠪᠦᠯᠬᠦᠮ ᠳᠤ ᠬᠤᠪᠢᠶᠠᠭᠳᠠᠵᠤ᠂ ᠭᠤᠸᠠᠩ ᠲᠧᠦ ᠱᠠᠨ ᠠᠭᠤᠯᠠ ᠶᠢᠨ ᠰᠢᠪᠲᠤᠯᠤᠨ ᠪᠠᠶᠢᠯᠳᠤᠬᠤ ᠲᠡᠢᠢᠠ ᠳᠦ ᠣᠷᠣᠯᠴᠠᠭᠰᠠᠨ ᠪᠠᠶᠢᠨ᠎ᠠ ᠃     1943 ᠣᠨ ᠤ5 ᠰᠠᠷ᠎ᠠ ᠶᠢᠨ ᠡᠬᠢᠨ ᠳᠦ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠾᠸᠪᠸᠢ ᠵᠢᠨ ᠵᠡᠭᠦᠨ ᠬᠡᠰᠡᠭ ᠣᠷᠣᠨ ᠤ ᠨᠠᠮ ᠤᠨ ᠬᠣᠷᠢᠶ᠎ᠠ ᠲᠣᠭᠲᠠᠭᠠᠯ  ᠭᠠᠷᠭᠠᠵᠤ ᠴᠧᠩᠳ᠋ᠸ ᠂ ᠫᠢᠩᠴᠢᠣᠸᠠᠨ᠂ ᠨᠢᠩᠴᠧᠩ ᠤᠨ ᠬᠠᠮᠲᠤᠷᠠᠭᠰᠠᠨ ᠰᠢᠶᠠᠨ ᠪᠠᠶᠢᠭᠤᠯᠵᠤ᠂ ᠫᠸᠢ ᠸᠸᠨ ᠾᠧ  ᠵᠢᠷᠭᠤᠳᠤᠭᠠᠷ ᠲᠣᠭᠣᠷᠢᠭ ᠤᠨ(ᠳ᠋ᠢᠶᠠᠨ ᠽᠢ᠂ ᠾᠧᠢ ᠱᠢ ᠭᠧᠤ ᠪᠣᠯᠤᠨ  ᠲᠠᠪᠢᠨ ᠭᠡᠷ ᠡᠴᠡ ᠡᠮᠦᠨᠡᠰᠢ ᠬᠡᠰᠡᠭ)ᠳᠠᠷᠤᠭ᠎ᠠ ᠪᠥᠭᠡᠳ ᠵᠣᠭᠣᠰ ᠵᠤᠭ᠎ᠠ ᠠᠮᠤ ᠪᠤᠳᠠᠭ᠎ᠠ ᠶᠢᠨ ᠲᠤᠰᠠᠯᠠᠭᠴᠢ ᠶᠢᠨ ᠲᠤᠰᠢᠶᠠᠯ ᠢ ᠬᠠᠷᠢᠭᠤᠴᠠᠵᠤ ᠪᠠᠶᠢᠪᠠ ᠃ ᠵᠢᠷᠭᠤᠳᠤᠭᠠᠷ ᠲᠣᠭᠣᠷᠢᠭ ᠤᠨ ᠨᠣᠲᠣᠭ ᠤᠨ ᠠᠨᠭᠬᠢ ᠶᠢ ᠬᠠᠮᠵᠢᠵᠤ᠂ ᠢᠦᠢ ᠱᠦ ᠯᠢᠨ ᠽᠢ ᠶᠢᠨ ᠴᠠᠭᠳᠠᠭ᠎ᠠ ᠶᠢᠨ ᠭᠠᠵᠠᠷ ᠢ  ᠳᠠᠭᠠᠷᠢᠵᠠᠢ᠃ 8 ᠰᠠᠷ᠎ᠠ ᠳᠤ ᠂ ᠫᠠᠨ ᠳ᠋ᠣᠣ ᠯᠢᠶᠠᠩ ᠤᠨ ᠪᠠᠶᠢᠯᠳᠤᠭᠠᠨ ᠳᠤ ᠣᠷᠣᠯᠴᠠᠵᠤ᠂ ᠬᠠᠭᠤᠷᠮᠠᠭ ᠬᠠᠷᠠᠴᠢᠨ ᠳᠤᠮᠳᠠᠳᠤ ᠬᠣᠰᠢᠭᠤ ᠶᠢᠨ ᠵᠣᠬᠢᠴᠠᠭᠤᠯᠤᠨ ᠨᠡᠶᠢᠴᠡᠭᠦᠯᠬᠦ ᠨᠡᠶᠢᠭᠡᠮᠯᠢᠭ ᠦᠨ ᠬᠡᠷᠡᠭ ᠶᠠᠪᠤᠳᠠᠯ ᠤᠨ ᠳᠠᠷᠤᠭ᠎ᠠ ᠶᠠᠫᠣᠨ ᠬᠥᠮᠦᠨ ᠨᠢᠰᠢᠨᠠ ᠨᠦᠪᠦ᠋ᠤᠤ ᠪᠠ ᠴᠡᠷᠢᠭ ᠦᠨ ᠴᠠᠭᠳᠠᠭ᠎ᠠ ᠶᠢᠨ ᠠᠩᠭᠢ ᠶᠢᠨ ᠳᠠᠷᠤᠭ᠎ᠠ ᠶᠢ ᠠᠯᠠᠵᠠᠢ᠃     1944 ᠣᠨ ᠤ4 ᠰᠠᠷ᠎ᠠ ᠶᠢᠨ28 ᠦ ᠡᠳᠦᠷ ᠦᠨ ᠦᠦᠷ ᠢᠶᠡᠷ ᠂ ᠫᠸᠢ ᠸᠸᠨ ᠾᠧ ᠫᠢᠩ ᠴᠢᠤᠸᠠᠨ ᠤ ᠳᠡᠭᠡᠷ᠎ᠡ ᠯᠠᠮᠠ ᠶᠢᠨ ᠮᠠᠯᠠᠭᠠᠶ ᠭᠤᠤ ᠶᠢᠨ ᠯᠢᠦ ᠱᠧᠩ ᠦᠨ ᠭᠡᠷ ᠲᠦ᠂ ᠤᠷᠪᠠᠭᠴᠢ ᠨᠢᠭᠤᠴᠠ ᠶᠢ ᠵᠠᠳᠠᠷᠠᠭᠤᠯᠤᠭᠰᠠᠨ ᠢᠶᠠᠷ ᠶᠠᠫᠣᠨ ᠴᠡᠷᠢᠭ ᠬᠠᠭᠤᠷᠮᠠᠭ ᠴᠡᠷᠢᠭ ᠲᠦ ᠪᠦᠰᠡᠯᠡᠭᠳᠡᠵᠦ᠂ ᠪᠦᠰᠡᠯᠡᠯᠲᠡ ᠶᠢ ᠰᠢᠪᠲᠤᠯᠬᠤ ᠦᠶ᠎ᠡ ᠳᠦ ᠰᠤᠮᠤᠨ ᠳᠤ ᠳᠠᠭᠠᠷᠢᠭᠳᠠᠵᠤ ᠪᠡᠶ᠎ᠡ ᠦᠷᠡᠭᠳᠡᠪᠡ ᠃      ᠳᠠᠶᠢᠰᠤᠨ ᠬᠠᠷᠭᠢᠰ ᠬᠡᠷᠴᠡᠭᠡᠶ ᠪᠡᠷ ᠫᠸᠢ ᠸᠸᠨ ᠾᠧ ᠶᠢᠨ ᠲᠡᠷᠢᠭᠦᠨ ᠢ ᠴᠠᠪᠴᠢᠵᠤ ᠳᠡᠭᠡᠳᠦ ᠱᠠᠲᠤᠨ ᠳᠠᠭᠠᠨ ᠭᠠᠪᠢᠶ᠎ᠠ ᠲᠡᠮᠳᠡᠭᠯᠡᠭᠦᠯᠬᠦ ᠪᠡᠷ ᠮᠡᠳᠡᠭᠦᠯᠵᠡᠢ᠃ ᠳᠠᠶᠢᠰᠤᠨ ᠶᠠᠪᠤᠭᠰᠠᠨ ᠤ ᠳᠠᠷᠠᠭ᠎ᠠ ᠂ ᠲᠤᠬᠠᠶ ᠶᠢᠨ ᠭᠠᠵᠠᠷ ᠤᠨ ᠤᠯᠠᠨ ᠲᠦᠮᠡᠨ ᠲᠡᠭᠦᠨ ᠦ ᠲᠣᠯᠣᠭᠠᠶ ᠦᠭᠡᠢ ᠬᠡᠭᠦᠷ ᠢ  ᠠᠷᠤ ᠯᠠᠮᠠ ᠶᠢᠨ ᠭᠤᠤ ᠳᠤ ᠣᠷᠣᠰᠢᠭᠤᠯᠵᠠᠢ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠬᠡᠭᠦᠷ ᠢ ᠨᠢ ᠤᠭ ᠨᠤᠲᠤᠭ ᠲᠤ ᠨᠢ ᠠᠪᠠᠴᠢᠵᠤ ᠣᠷᠣᠰᠢᠭᠤᠯᠤᠭᠰᠠᠨ ᠪᠠᠶᠢᠨ᠎ᠠ ᠃  
          