ᠫᠧᠢ ᠸᠧᠨ ᠾᠧ(1920-1944 ) | | ᠫᠸᠢ ᠸᠸᠨ ᠾᠧ ᠂ ᠡᠷᠡᠭᠲᠡᠶ ᠂ ᠬᠢᠲᠠᠳ ᠦᠨᠳᠦᠰᠦᠲᠡᠨ᠂ 1920 ᠣᠨ ᠳᠤ | ᠨᠢᠩᠴᠧᠩ ᠰᠢᠶᠠᠨ ᠤ ᠰᠢ ᠴᠢᠤᠸᠠᠨ ᠰᠢᠶᠠᠩ ᠤᠨ ᠹᠠᠨ ᠵᠠᠩ ᠽᠢ | ᠲᠣᠰᠬᠣᠨ ᠳᠤ ᠲᠥᠷᠥᠵᠡᠢ᠂ ᠭᠡᠷ ᠦᠨ ᠠᠮᠢᠳᠤᠷᠠᠯ ᠨᠢ ᠶᠠᠳᠠᠭᠤ | ᠬᠦᠴᠢᠷᠲᠡᠶ ᠪᠣᠯᠬᠣᠷ ᠰᠤᠷᠭᠠᠭᠤᠯᠢ ᠳᠤ ᠰᠠᠭᠤᠭᠰᠠᠨ ᠦᠭᠡᠢ᠂ | ᠥᠪᠡᠷᠲᠡᠭᠡᠨ ᠰᠤᠷᠬᠤ ᠪᠠᠷ ᠳᠠᠮᠵᠢᠵᠤ᠂ ᠤᠢᠰᠦᠭ ᠪᠢᠴᠢᠭ | ᠵᠢᠭᠠᠬᠠᠨ ᠲᠥᠰᠥᠭᠡᠯᠡᠳᠡᠭ ᠪᠠᠶᠢᠵᠠᠢ ᠃ | 1938 ᠣᠨ ᠳᠤ ᠫᠸᠢ ᠸᠸᠨ ᠾᠧ ᠲᠤᠰ ᠣᠷᠣᠨ ᠳᠠᠭᠠᠨ ᠰᠢᠷ᠎ᠠ | ᠵᠢᠳᠠᠲᠤ ᠡᠪᠯᠡᠯ ᠳᠦ ᠣᠷᠣᠵᠤ ᠪᠠᠭᠰᠢ ᠯᠠᠮᠠ ᠪᠣᠯᠣᠭᠠᠳ ᠱᠠᠪᠢ | ᠳᠠᠭᠠᠭᠤᠯᠵᠤ ᠣᠯᠠᠭᠤᠯᠠ ᠨᠡᠶᠢᠯᠡᠵᠦ ᠳᠡᠭᠡᠷᠡᠮ ᠢ ᠴᠣᠬᠢᠵᠤ | ᠪᠠᠶᠢᠵᠠᠢ᠃ ᠱᠠᠪᠢ ᠨᠠᠷ ᠢᠶᠠᠨ ᠳᠠᠭᠠᠭᠤᠯᠵᠤ 30 ᠭᠠᠷᠤᠶ | ᠳᠡᠭᠡᠷᠡᠮᠴᠢᠳ ᠲᠠᠢ ᠴᠢᠩ ᠱᠠᠨ ᠤ ᠳᠡᠭᠡᠷᠡᠮ ᠢ ᠴᠣᠬᠢᠨ | ᠪᠣᠰᠨᠢᠭᠤᠯᠤᠭᠰᠠᠨ ᠪᠢᠯᠡ᠃ ᠯᠢᠦ ᠬᠤ᠋ ᠽᠢ ᠭᠧᠤ ᠶᠢᠨ ᠳᠡᠭᠡᠷᠡᠮ | ᠭᠤᠤ ᠵᠠᠨ ᠢᠥᠢ ᠶᠢ ᠴᠣᠬᠢᠬᠤ ᠦᠶ᠎ᠡ ᠳᠦ ᠨᠢᠭᠡ ᠬᠥᠯ ᠨᠢ | ᠰᠢᠷᠬᠠᠲᠤᠵᠤ ᠳᠣᠭᠣᠯᠠᠩ ᠪᠣᠯᠤᠭᠰᠠᠨ ᠪᠠᠶᠢᠨ᠎ᠠ ᠃ | 1940 ᠣᠨ ᠤ9 ᠰᠠᠷ᠎ᠠ ᠳᠦ ᠯᠢ ᠴᠢᠩ ᠱᠠᠨ ᠲᠦᠷᠦᠭᠦᠲᠡᠶ | ᠨᠠᠶᠮᠠᠳᠤᠭᠠᠷ ᠵᠠᠮ ᠤᠨ ᠴᠡᠷᠢᠭ ᠦᠨ ᠲᠡᠮᠦᠷ ᠵᠠᠮ ᠤᠨ | ᠬᠣᠶᠢᠨᠠᠬᠢ( ᠵᠢᠨᠵᠸᠦ ᠡᠴᠡ ᠴᠧᠩᠳ᠋ᠧ ᠬᠦᠷᠬᠦ ᠲᠡᠮᠦᠷ ᠵᠠᠮ ) | ᠠᠵᠢᠯᠯᠠᠬᠤ ᠳᠤᠭᠤᠶᠢᠯᠠᠩ ᠹᠠᠨ ᠵᠠᠩ ᠽᠢ ᠲᠤᠰᠬᠤᠨ ᠳᠤ ᠢᠷᠡᠵᠦ | ᠬᠤᠪᠢᠰᠬᠠᠯ ᠬᠢᠬᠦ ᠪᠠ ᠶᠠᠫᠣᠨ ᠢ ᠡᠰᠡᠷᠭᠦᠴᠡᠬᠦ ᠲᠡᠮᠡᠴᠡᠯ ᠦᠨ | ᠤᠬᠠᠭᠤᠯᠭ᠎ᠠ ᠬᠢᠵᠡᠢ᠂ ᠫᠸᠢ ᠸᠸᠨ ᠾᠧ ᠰᠣᠨᠣᠰᠤᠭᠠᠳ ᠡᠷᠡᠰ | ᠰᠢᠭᠤᠷᠬᠠᠶ ᠪᠠᠷ ᠶᠠᠫᠣᠨ ᠢ ᠡᠰᠡᠷᠭᠦᠴᠡᠬᠦ ᠴᠡᠷᠢᠭ ᠠᠩᠭᠢ ᠳᠤ | ᠣᠷᠣᠯᠴᠠᠭᠰᠠᠨ ᠪᠠᠶᠢᠨ᠎ᠠ ᠃ 10 ᠳ᠋ᠤᠭᠠᠷ ᠰᠠᠷ᠎ᠠ ᠳᠤ ᠂ ᠫᠸᠢ ᠸᠸᠨ | ᠾᠧ ᠵᠢᠴᠢ ᠯᠢ ᠰᠢᠣᠸᠠᠢ ᠬᠤᠢ( ᠯᠢ ᠰᠢᠶᠠ ) ᠂ ᠯᠢᠨ ᠮᠠᠤ ᠵᠤᠸᠠᠩ ᠂ | ᠳ᠋ᠧᠩ ᠶᠦᠨ ᠵᠡᠷᠭᠡ 10 ᠭᠠᠷᠤᠶ ᠵᠠᠯᠠᠭᠤᠴᠤᠳ ᠾᠸᠪᠸᠢ ᠮᠤᠵᠢ ᠶᠢᠨ | ᠵᠡᠭᠦᠨ ᠬᠡᠰᠡᠭ ᠦᠨ ᠬᠤᠪᠢᠰᠬᠠᠯ ᠤᠨ ᠰᠠᠭᠤᠷᠢᠨ ᠭᠠᠵᠠᠷ ᠲᠤ | ᠲᠣᠮᠢᠯᠠᠭᠳᠠᠨ ᠰᠤᠷᠤᠯᠴᠠᠵᠤ ᠂ 12 ᠰᠠᠷ᠎ᠠ ᠶᠢᠨ ᠰᠡᠭᠦᠯᠴᠢ ᠪᠡᠷ ᠂ | ᠴᠧᠩᠳ᠋ᠸ ᠂ ᠫᠢᠩᠴᠢᠣᠸᠠᠨ᠂ ᠨᠢᠩᠴᠧᠩ ᠵᠡᠷᠭᠡ ᠭᠠᠵᠠᠷ ᠣᠷᠣᠨ ᠢᠶᠠᠷ | ᠫᠠᠷᠲ᠋ᠢᠽᠠᠨ ᠠᠩᠬᠢ ᠵᠣᠬᠢᠶᠠᠨ ᠪᠠᠶᠢᠭᠤᠯᠵᠤ᠂ ᠫᠸᠢ ᠸᠸᠨ ᠾᠧ | ᠠᠩᠭᠢ ᠶᠢᠨ ᠳᠠᠷᠤᠭ᠎ᠠ ᠶᠢᠨ ᠠᠵᠢᠯ ᠢ ᠬᠠᠷᠢᠭᠤᠴᠠᠵᠤ ᠨᠡᠶᠢᠲᠡ 24 | ᠬᠥᠮᠦᠨ ᠲᠠᠢ ᠪᠠᠶᠢᠪᠠ᠃ ᠫᠠᠷᠲ᠋ᠢᠽᠠᠨ ᠠᠩᠬᠢ ᠨᠢ ᠭᠤᠸᠠᠩ ᠲᠧᠦ ᠱᠠᠨ | ᠠᠭᠤᠯᠠ ᠂ ᠨᠢᠭᠡ ᠭᠤᠷᠪᠠ ᠨᠠᠶᠮᠠ ᠫᠠᠶᠢᠰᠠ ᠂ ᠰᠢᠪᠦᠭᠡ ᠠᠭᠤᠯᠠ ᠂ | ᠭᠤᠷᠪᠠᠨ ᠭᠤᠤ ᠂ ᠮᠤᠤ ᠯᠠᠨ ᠭᠤᠤ ᠣᠷᠴᠢᠮ ᠢᠶᠠᠷ ᠫᠠᠷᠲ᠋ᠢᠽᠠᠨ | ᠠᠵᠢᠯᠯᠠᠭ᠎ᠠ ᠥᠷᠨᠢᠭᠦᠯᠵᠦ ᠂ ᠡᠩᠨᠡᠭᠡ ᠨᠢ ᠲᠠᠰᠤᠷᠠᠯᠲᠠ ᠦᠭᠡᠢ | ᠥᠷᠭᠡᠳᠴᠦ ᠪᠠᠶᠢᠵᠠᠢ ᠃ | 1941 ᠣᠨ ᠤ3 ᠰᠠᠷ᠎ᠠ ᠶᠢᠨ ᠡᠬᠢ ᠪᠡᠷ ᠂ ᠫᠸᠢ ᠸᠸᠨ ᠾᠧ ᠂ ᠯᠢ ᠴᠢᠩ | ᠱᠠᠨ ᠫᠠᠷᠲ᠋ᠢᠽᠠᠨ ᠠᠡᠭᠬᠢ ᠪᠠᠨ ᠳᠠᠭᠠᠭᠤᠯᠵᠤ ᠾᠸᠪᠸᠢ ᠶᠢᠨ | ᠵᠡᠭᠦᠨ ᠬᠡᠰᠡᠭ ᠦᠨ ᠰᠠᠭᠤᠷᠢᠨ ᠭᠠᠵᠠᠷ ᠲᠤ ᠢᠷᠡᠵᠦ | ᠪᠣᠯᠪᠠᠰᠤᠷᠠᠯ ᠬᠢᠵᠦ᠂ ᠬᠠᠭᠠᠰ ᠰᠠᠷ᠎ᠠ ᠶᠢᠨ ᠳᠠᠷᠠᠭ᠎ᠠ ᠴᠡᠷᠢᠭ | ᠠᠨᠭᠬᠢ ᠶᠢ ᠨᠢ ᠴᠢᠩ ᠯᠦᠩ ᠂ ᠫᠢᠩᠴᠢᠤᠸᠠᠨ ᠤ ᠫᠠᠷᠲ᠋ᠢᠽᠠᠨ | ᠠᠩᠭᠢ ᠶᠢᠨ ᠬᠣᠶᠠᠳᠤᠭᠠᠷ ᠳᠤᠮᠳᠠ ᠠᠩᠭᠢ ᠪᠣᠯᠭᠠᠨ ᠪᠠᠶᠢᠭᠤᠯᠵᠤ᠂ | 4 ᠰᠠᠷ᠎ᠠ ᠶᠢᠨ ᠰᠡᠭᠦᠯᠴᠢ ᠪᠡᠷ᠂ ᠫᠠᠷᠲ᠋ᠢᠽᠠᠨ ᠠᠩᠬᠢ ᠨᠢ ᠺᠤᠸᠠᠨ | ᠴᠧᠩ ᠬᠣᠲᠠ ᠶᠢᠨ ᠮᠠ ᠸᠸᠢ ᠭᠧᠦ᠂ ᠬᠣᠯᠣ ᠭᠤᠤ᠂ ᠰᠢᠦ᠋ᠩ ᠬᠤ᠋ | ᠳ᠋ᠧᠦ᠂ ᠴᠧᠩᠳ᠋ᠧ ᠶᠢᠨ ᠮᠠᠨ ᠵᠠᠩ ᠽᠢ ᠂ ᠨᠠᠢᠮᠠᠨᠭᠡᠷ ᠂ ᠫᠢᠩ | ᠴᠢᠤᠸᠠᠨ ᠤ ᠳ᠋ᠠᠩ ᠪᠠ᠂ ᠭᠦᠸᠧ ᠵᠠᠩ ᠽᠢ ᠂ ᠪᠣᠷᠣᠬᠣᠰᠢᠭᠤ ᠵᠡᠷᠭᠡ | ᠭᠠᠵᠠᠷ ᠲᠤ ᠶᠠᠫᠣᠨ ᠴᠡᠷᠢᠭ ᠬᠠᠭᠤᠷᠮᠠᠭ ᠴᠡᠷᠢᠭ ᠲᠤ ᠴᠣᠬᠢᠯᠲᠠ | ᠥᠭᠴᠦ ᠪᠠᠶᠢᠵᠠᠢ ᠃ 5 ᠰᠠᠷ᠎ᠠ ᠶᠢᠨ 29 ᠦ ᠡᠳᠦᠷ ᠂ ᠯᠥᠩ ᠸᠠᠨ | ᠲᠣᠰᠬᠣᠨ ᠳᠤ ᠶᠠᠫᠣᠨ ᠤ ᠴᠡᠷᠢᠭ ᠠᠩᠭᠢ ᠶᠢᠨ 20 ᠭᠠᠷᠤᠶ | ᠬᠥᠮᠦᠨ ᠢ ᠠᠯᠠᠵᠠᠢ ᠃ ᠲᠡᠢᠢᠠ ᠦ ᠲᠡᠷᠡᠭ᠎ᠠ ᠂ ᠫᠸᠢ ᠸᠸᠨ ᠾᠧ ᠂ | ᠯᠢ ᠴᠢᠩ ᠱᠠᠨ ᠪᠣᠯᠤᠨ ᠰᠤ᠋ ᠪᠠᠶ ᠰᠢ ᠂ ᠰᠤ᠋ ᠵᠢᠶ ᠾᠧᠩ ᠤᠨ | ᠤᠳᠤᠷᠢᠳᠤᠭᠰᠠᠨ ᠬᠣᠶᠠᠷ ᠰᠠᠯᠠᠭ᠎ᠠ ᠫᠠᠷᠲ᠋ᠢᠽᠠᠨ ᠠᠩᠭᠢ ᠶᠢᠨ | ᠨᠡᠶᠢᠲᠡ 50 ᠭᠠᠷᠤᠶ ᠬᠥᠮᠦᠨ ᠴᠧᠩᠳ᠋ᠸ ᠂ ᠫᠢᠩᠴᠢᠣᠸᠠᠨ᠂ ᠨᠢᠩᠴᠧᠩ | ᠣᠷᠣᠨ ᠳᠦ ᠰᠢᠯᠵᠢᠵᠡᠢ᠃ 6 ᠰᠠᠷ᠎ᠠ ᠳᠤ ᠂ ᠫᠠᠷᠲ᠋ᠢᠽᠠᠨ ᠠᠩᠬᠢ | ᠬᠠᠷᠠᠴᠢᠨ ᠪᠠᠷᠠᠭᠤᠨ ᠬᠣᠰᠢᠭᠤᠨ ᠤ ᠰᠢᠨ᠎ᠡ ᠳ᠋ᠢᠶᠠᠨ | ᠴᠠᠭᠳᠠᠭᠠᠨ ᠤ ᠭᠠᠵᠠᠷ ᠢ ᠴᠣᠬᠢᠵᠤ ᠵᠠᠬᠢᠷᠭᠠᠨ ᠤ ᠳᠠᠷᠤᠭ᠎ᠠ | ᠪᠣᠯᠤᠨ ᠨᠢᠭᠡ ᠴᠠᠭᠳᠠᠭ᠎ᠠ ᠶᠢ ᠠᠯᠠᠭᠰᠠᠨ ᠪᠠᠶᠢᠨ᠎ᠠ ᠃ | ᠵᠠᠯᠭᠠᠭᠠᠳ ᠴᠧᠩᠳ᠋ᠧ ᠰᠢᠶᠠᠨ ᠤ ᠨᠢᠭᠡ ᠭᠤᠷᠪᠠ ᠨᠠᠶᠮᠠᠳᠤᠭᠠᠷ | ᠫᠠᠶᠢᠰᠠ ᠶᠢᠨ ᠴᠠᠭᠳᠠᠭ᠎ᠠ ᠶᠢᠨ ᠰᠠᠭᠤᠵᠤ ᠪᠠᠶᠢᠭ᠎ᠠ ᠭᠠᠵᠠᠷ ᠢ | ᠳᠠᠭᠠᠷᠢᠵᠤ ᠢᠯᠠᠯᠲᠠ ᠣᠯᠵᠠᠢ᠃ 7 ᠰᠠᠷ᠎ᠠ ᠳᠤ ᠂ ᠫᠠᠷᠲ᠋ᠢᠽᠠᠨ | ᠠᠩᠬᠢ ᠫᠢᠩ ᠴᠢᠤᠸᠠᠨ ᠰᠢᠶᠠᠨ ᠤ ᠰᠦᠩ ᠱᠤ᠋ ᠲᠠᠶ ᠪᠠᠯᠭᠠᠰᠤᠨ ᠳᠤ | ᠂ ᠬᠠᠭᠤᠷᠮᠠᠭ ᠴᠠᠭᠳᠠᠭ᠎ᠠ ᠠᠶᠤᠯᠭᠠᠨ ᠰᠦᠷᠳᠡᠭᠦᠯᠬᠦ ᠪᠣᠶᠤ | ᠰᠤᠷᠭᠠᠵᠤ ᠂ ᠲᠡᠳᠡᠨ ᠢ ᠠᠷᠠᠳ ᠲᠦᠮᠡᠨ ᠢ ᠳᠠᠷᠤᠯᠠᠬᠤ ᠦᠭᠡᠢ᠂ | ᠶᠠᠫᠣᠨ ᠴᠡᠷᠢᠭ ᠦᠨ ᠫᠠᠷᠲ᠋ᠢᠽᠠᠨ ᠠᠡᠭᠬᠢ ᠶᠢᠨ ᠪᠠᠶᠢᠳᠠᠯ ᠢ | ᠮᠡᠳᠡᠭᠦᠯᠬᠦ ᠦᠭᠡᠢ ᠪᠣᠯᠭᠠᠵᠠᠢ᠃ 8 ᠰᠠᠷ᠎ᠠ ᠳᠤ ᠂ ᠰᠦᠩ | ᠱᠤ᠋ ᠲᠠᠶ ᠪᠠᠯᠭᠠᠰᠤᠨ ᠳᠤ ᠬᠣᠶᠠᠷ ᠲᠠᠩᠨᠠᠭᠤᠯ ᠢ | ᠳᠠᠷᠤᠩᠭᠤᠶᠢᠯᠠᠵᠤ᠂ ᠶᠠᠫᠣᠨ ᠳᠡᠭᠡᠷᠡᠮᠴᠢᠳ ᠪᠠ ᠬᠠᠭᠤᠷᠮᠠᠭ | ᠴᠡᠷᠢᠭ ᠤᠨ ᠬᠥᠯᠦᠰᠦᠨ ᠠᠵᠢᠯᠴᠢᠨ ᠬᠦᠷᠭᠡᠵᠦ ᠶᠠᠪᠤᠭ᠎ᠠ ᠬᠣᠶᠠᠷ | ᠮᠠᠰᠢᠨ ᠲᠡᠷᠭᠡ ᠶᠢ ᠬᠣᠷᠢᠭᠯᠠᠨ ᠴᠣᠬᠢᠵᠤ᠂ ᠪᠦᠬᠦ ᠬᠥᠯᠥᠰᠥᠨ | ᠠᠵᠢᠯᠴᠢᠨ ᠢ ᠠᠪᠤᠷᠠᠵᠠᠢ᠃ 8 ᠰᠠᠷ᠎ᠠ ᠶᠢᠨ ᠰᠡᠭᠦᠯᠴᠢ ᠪᠡᠷ ᠫᠸᠢ | ᠸᠸᠨ ᠾᠧ ᠶᠢᠨ ᠫᠠᠷᠲ᠋ᠢᠽᠠᠨ ᠠᠩᠬᠢ ᠪᠤᠷᠬᠠᠨᠲᠤ ᠂ ᠰᠠᠨ ᠽᠦᠸᠧ | ᠳ᠋ᠢᠶᠠᠨ ᠤ ᠠᠭᠤᠯᠠᠷᠬᠠᠭ ᠣᠷᠣᠨ ᠢᠶᠠᠷ ᠠᠶᠠᠯᠠᠨ ᠪᠠᠶᠢᠯᠳᠤᠵᠤ | ᠪᠠᠶᠢᠵᠠᠢ᠃ ᠬᠠᠯᠠᠭᠤᠨ ᠷᠠᠰᠢᠶᠠᠨ ᠤ ᠴᠢᠶᠠᠨ ᠼᠧᠩ ᠸᠠ ᠳᠤ ᠶᠠᠫᠣᠨ | ᠬᠠᠭᠤᠷᠮᠠᠭ ᠴᠡᠷᠢᠭ ᠦᠨ ᠠᠮᠤᠷ ᠢ ᠬᠠᠮᠠᠭᠠᠯᠠᠬᠤ ᠠᠩᠭᠢ ᠶᠢᠨ 100 | ᠭᠠᠷᠤᠶ ᠬᠥᠮᠦᠨ ᠢ ᠢᠯᠠᠵᠤ ᠂3 ᠬᠥᠮᠦᠨ ᠢ ᠴᠣᠬᠢᠨ ᠠᠯᠠᠵᠤ ᠂ 6 | ᠬᠥᠮᠦᠨ ᠢ ᠴᠣᠬᠢᠵᠤ ᠰᠢᠷᠬᠠᠲᠤᠭᠤᠯᠪᠠ ᠃ | ᠨᠢᠩᠴᠧᠩ ᠰᠢᠶᠠᠨ 1942 ᠣᠨ ᠤ2 ᠰᠠᠷ᠎ᠠ ᠶᠢᠨ9 ᠦ ᠡᠳᠦᠷ | (ᠪᠢᠯᠢᠭ ᠦᠨ ᠤᠯᠠᠷᠢᠯ ᠤᠨ12 ᠰᠠᠷ᠎ᠠ ᠶᠢᠨ24) ᠫᠠᠷᠲ᠋ᠢᠽᠠᠨ | ᠠᠩᠬᠢ ᠨᠢ ᠭᠣᠷᠣᠬ᠎ᠠ ᠰᠢᠶᠠᠩ ᠤᠨ ᠨᠢᠶᠠᠨ ᠽᠢ ᠭᠧᠤ ᠳᠤ ᠶᠠᠫᠣᠨ | ᠬᠠᠭᠤᠷᠮᠠᠭ ᠴᠡᠷᠢᠭ ᠲᠤ ᠪᠦᠰᠡᠯᠡᠭᠳᠡᠵᠦ᠂ ᠰᠢᠷᠦᠭᠦᠨ | ᠲᠤᠯᠤᠯᠳᠤᠭᠠᠨ ᠬᠢᠵᠦ ᠂ ᠫᠸᠢ ᠸᠸᠨ ᠾᠧ ᠵᠠᠮ ᠲᠠᠨᠢᠬᠤ ᠲᠤᠯᠠ | ᠴᠡᠷᠢᠭ ᠢᠶᠡᠨ ᠳᠠᠭᠠᠭᠤᠯᠵᠤ ᠪᠦᠰᠡᠯᠡᠯᠲᠡ ᠶᠢ ᠰᠢᠪᠲᠤᠯᠵᠤ ᠂ | ᠶᠡᠬᠡ ᠠᠨᠭᠭᠢ ᠶᠢᠨ ᠳᠠᠷᠤᠭ᠎ᠠ ᠯᠢᠦ ᠶᠤᠸᠠᠨ ᠼᠦᠨ ᠪᠡᠶ᠎ᠡ | ᠦᠷᠡᠭᠳᠡᠵᠡᠶ ᠃ 3 ᠰᠠᠷ᠎ᠠ ᠳᠤ ᠂ ᠫᠠᠷᠲ᠋ᠢᠽᠠᠨ ᠠᠩᠬᠢ ᠨᠢ ᠾᠸᠪᠸᠢ | ᠵᠢᠨ ᠵᠡᠭᠦᠨ ᠬᠡᠰᠡᠭ ᠢᠶᠡᠷ ᠠᠶᠠᠯᠠᠨ ᠪᠠᠶᠢᠯᠳᠤᠵᠤ᠂ ᠫᠸᠢ ᠸᠸᠨ | ᠾᠧ ᠴᠢᠩ ᠫᠢᠩ ᠤᠨ ᠠᠵᠢᠯᠯᠠᠬᠤ ᠪᠦᠯᠬᠦᠮ ᠳᠤ ᠬᠤᠪᠢᠶᠠᠭᠳᠠᠵᠤ᠂ | ᠭᠤᠸᠠᠩ ᠲᠧᠦ ᠱᠠᠨ ᠠᠭᠤᠯᠠ ᠶᠢᠨ ᠰᠢᠪᠲᠤᠯᠤᠨ ᠪᠠᠶᠢᠯᠳᠤᠬᠤ | ᠲᠡᠢᠢᠠ ᠳᠦ ᠣᠷᠣᠯᠴᠠᠭᠰᠠᠨ ᠪᠠᠶᠢᠨ᠎ᠠ ᠃ | 1943 ᠣᠨ ᠤ5 ᠰᠠᠷ᠎ᠠ ᠶᠢᠨ ᠡᠬᠢᠨ ᠳᠦ᠂ ᠳᠤᠮᠳᠠᠳᠤ ᠤᠯᠤᠰ ᠤᠨ ᠡᠪ | ᠬᠠᠮᠲᠤ ᠨᠠᠮ ᠤᠨ ᠡᠾᠸᠪᠸᠢ ᠵᠢᠨ ᠵᠡᠭᠦᠨ ᠬᠡᠰᠡᠭ ᠣᠷᠣᠨ ᠤ | ᠨᠠᠮ ᠤᠨ ᠬᠣᠷᠢᠶ᠎ᠠ ᠲᠣᠭᠲᠠᠭᠠᠯ ᠭᠠᠷᠭᠠᠵᠤ ᠴᠧᠩᠳ᠋ᠸ ᠂ | ᠫᠢᠩᠴᠢᠣᠸᠠᠨ᠂ ᠨᠢᠩᠴᠧᠩ ᠤᠨ ᠬᠠᠮᠲᠤᠷᠠᠭᠰᠠᠨ ᠰᠢᠶᠠᠨ | ᠪᠠᠶᠢᠭᠤᠯᠵᠤ᠂ ᠫᠸᠢ ᠸᠸᠨ ᠾᠧ ᠵᠢᠷᠭᠤᠳᠤᠭᠠᠷ | ᠲᠣᠭᠣᠷᠢᠭ ᠤᠨ(ᠳ᠋ᠢᠶᠠᠨ ᠽᠢ᠂ ᠾᠧᠢ ᠱᠢ ᠭᠧᠤ ᠪᠣᠯᠤᠨ ᠲᠠᠪᠢᠨ | ᠭᠡᠷ ᠡᠴᠡ ᠡᠮᠦᠨᠡᠰᠢ ᠬᠡᠰᠡᠭ)ᠳᠠᠷᠤᠭ᠎ᠠ ᠪᠥᠭᠡᠳ ᠵᠣᠭᠣᠰ ᠵᠤᠭ᠎ᠠ | ᠠᠮᠤ ᠪᠤᠳᠠᠭ᠎ᠠ ᠶᠢᠨ ᠲᠤᠰᠠᠯᠠᠭᠴᠢ ᠶᠢᠨ ᠲᠤᠰᠢᠶᠠᠯ ᠢ | ᠬᠠᠷᠢᠭᠤᠴᠠᠵᠤ ᠪᠠᠶᠢᠪᠠ ᠃ ᠵᠢᠷᠭᠤᠳᠤᠭᠠᠷ ᠲᠣᠭᠣᠷᠢᠭ ᠤᠨ | ᠨᠣᠲᠣᠭ ᠤᠨ ᠠᠨᠭᠬᠢ ᠶᠢ ᠬᠠᠮᠵᠢᠵᠤ᠂ ᠢᠦᠢ ᠱᠦ ᠯᠢᠨ ᠽᠢ ᠶᠢᠨ | ᠴᠠᠭᠳᠠᠭ᠎ᠠ ᠶᠢᠨ ᠭᠠᠵᠠᠷ ᠢ ᠳᠠᠭᠠᠷᠢᠵᠠᠢ᠃ 8 ᠰᠠᠷ᠎ᠠ ᠳᠤ ᠂ ᠫᠠᠨ | ᠳ᠋ᠣᠣ ᠯᠢᠶᠠᠩ ᠤᠨ ᠪᠠᠶᠢᠯᠳᠤᠭᠠᠨ ᠳᠤ ᠣᠷᠣᠯᠴᠠᠵᠤ᠂ ᠬᠠᠭᠤᠷᠮᠠᠭ | ᠬᠠᠷᠠᠴᠢᠨ ᠳᠤᠮᠳᠠᠳᠤ ᠬᠣᠰᠢᠭᠤ ᠶᠢᠨ ᠵᠣᠬᠢᠴᠠᠭᠤᠯᠤᠨ | ᠨᠡᠶᠢᠴᠡᠭᠦᠯᠬᠦ ᠨᠡᠶᠢᠭᠡᠮᠯᠢᠭ ᠦᠨ ᠬᠡᠷᠡᠭ ᠶᠠᠪᠤᠳᠠᠯ ᠤᠨ | ᠳᠠᠷᠤᠭ᠎ᠠ ᠶᠠᠫᠣᠨ ᠬᠥᠮᠦᠨ ᠨᠢᠰᠢᠨᠠ ᠨᠦᠪᠦ᠋ᠤᠤ ᠪᠠ ᠴᠡᠷᠢᠭ ᠦᠨ | ᠴᠠᠭᠳᠠᠭ᠎ᠠ ᠶᠢᠨ ᠠᠩᠭᠢ ᠶᠢᠨ ᠳᠠᠷᠤᠭ᠎ᠠ ᠶᠢ ᠠᠯᠠᠵᠠᠢ᠃ | 1944 ᠣᠨ ᠤ4 ᠰᠠᠷ᠎ᠠ ᠶᠢᠨ28 ᠦ ᠡᠳᠦᠷ ᠦᠨ ᠦᠦᠷ ᠢᠶᠡᠷ ᠂ ᠫᠸᠢ | ᠸᠸᠨ ᠾᠧ ᠫᠢᠩ ᠴᠢᠤᠸᠠᠨ ᠤ ᠳᠡᠭᠡᠷ᠎ᠡ ᠯᠠᠮᠠ ᠶᠢᠨ ᠮᠠᠯᠠᠭᠠᠶ | ᠭᠤᠤ ᠶᠢᠨ ᠯᠢᠦ ᠱᠧᠩ ᠦᠨ ᠭᠡᠷ ᠲᠦ᠂ ᠤᠷᠪᠠᠭᠴᠢ ᠨᠢᠭᠤᠴᠠ ᠶᠢ | ᠵᠠᠳᠠᠷᠠᠭᠤᠯᠤᠭᠰᠠᠨ ᠢᠶᠠᠷ ᠶᠠᠫᠣᠨ ᠴᠡᠷᠢᠭ ᠬᠠᠭᠤᠷᠮᠠᠭ | ᠴᠡᠷᠢᠭ ᠲᠦ ᠪᠦᠰᠡᠯᠡᠭᠳᠡᠵᠦ᠂ ᠪᠦᠰᠡᠯᠡᠯᠲᠡ ᠶᠢ ᠰᠢᠪᠲᠤᠯᠬᠤ | ᠦᠶ᠎ᠡ ᠳᠦ ᠰᠤᠮᠤᠨ ᠳᠤ ᠳᠠᠭᠠᠷᠢᠭᠳᠠᠵᠤ ᠪᠡᠶ᠎ᠡ ᠦᠷᠡᠭᠳᠡᠪᠡ ᠃ | ᠳᠠᠶᠢᠰᠤᠨ ᠬᠠᠷᠭᠢᠰ ᠬᠡᠷᠴᠡᠭᠡᠶ ᠪᠡᠷ ᠫᠸᠢ ᠸᠸᠨ ᠾᠧ ᠶᠢᠨ | ᠲᠡᠷᠢᠭᠦᠨ ᠢ ᠴᠠᠪᠴᠢᠵᠤ ᠳᠡᠭᠡᠳᠦ ᠱᠠᠲᠤᠨ ᠳᠠᠭᠠᠨ ᠭᠠᠪᠢᠶ᠎ᠠ | ᠲᠡᠮᠳᠡᠭᠯᠡᠭᠦᠯᠬᠦ ᠪᠡᠷ ᠮᠡᠳᠡᠭᠦᠯᠵᠡᠢ᠃ ᠳᠠᠶᠢᠰᠤᠨ | ᠶᠠᠪᠤᠭᠰᠠᠨ ᠤ ᠳᠠᠷᠠᠭ᠎ᠠ ᠂ ᠲᠤᠬᠠᠶ ᠶᠢᠨ ᠭᠠᠵᠠᠷ ᠤᠨ ᠤᠯᠠᠨ | ᠲᠦᠮᠡᠨ ᠲᠡᠭᠦᠨ ᠦ ᠲᠣᠯᠣᠭᠠᠶ ᠦᠭᠡᠢ ᠬᠡᠭᠦᠷ ᠢ ᠠᠷᠤ ᠯᠠᠮᠠ ᠶᠢᠨ | ᠭᠤᠤ ᠳᠤ ᠣᠷᠣᠰᠢᠭᠤᠯᠵᠠᠢ᠃ ᠰᠢᠨ᠎ᠡ ᠳᠤᠮᠳᠠᠳᠤ ᠤᠯᠤᠰ | ᠪᠠᠶᠢᠭᠤᠯᠤᠭᠳᠠᠭᠰᠠᠨ ᠤ ᠳᠠᠷᠠᠭ᠎ᠠ᠂ ᠬᠡᠭᠦᠷ ᠢ ᠨᠢ ᠤᠭ | ᠨᠤᠲᠤᠭ ᠲᠤ ᠨᠢ ᠠᠪᠠᠴᠢᠵᠤ ᠣᠷᠣᠰᠢᠭᠤᠯᠤᠭᠰᠠᠨ ᠪᠠᠶᠢᠨ᠎ᠠ ᠃ | |