ᠰᠠᠶᠢᠬᠠᠨ ᠬᠠᠨ ᠠᠭᠤᠯᠠᠨ ᠤ ᠣᠪᠣᠭᠠᠨ ᠲᠠᠬᠢᠯᠭ᠎ᠠ ᠶᠢᠨ ᠡᠷᠳᠠ ᠡᠳᠣᠭᠡ(ᠨᠢᠭᠡ)
ᠨᠡᠶᠢᠲᠡᠯᠡᠭᠰᠡᠨ ᠴᠠᠭ᠄
2024/11/27
       ᠨᠢᠴᠣᠬᠦᠳ ᠪᠣᠶ᠋ᠬᠠᠦ᠋ᠯᠵᠠᠢ ᠲᠡᠣᠭᠡᠨ ᠮᠠᠲ᠋ᠧᠷᠢᠶᠠᠯ ᠢ ᠦᠨᠳᠣᠰᠣᠯᠡᠪᠡᠯ ᠰᠠᠶᠢᠬᠠᠨ ᠬᠠᠨ ᠠᠭᠤᠯᠨ ᠪᠣᠯ ᠬᠢᠳᠠᠨ ᠦᠨᠳᠣᠰᠣᠳᠡᠨ ᠤ ᠯᠢᠶᠣᠣ ᠣᠯᠣᠰ ᠤᠨ ᠦᠶ᠎ᠠ ᠳᠤ ᠰᠢᠳᠣᠵᠦ ᠪᠠᠶᠢᠭᠰᠡᠨ ︽ᠬᠠᠷ᠎ᠠ ᠠᠭᠤᠯᠨ︾ ᠪᠣᠯᠣᠨ᠎ᠠ᠃ ᠵᠠᠷᠢᠮ ᠰᠣᠷᠪᠣᠯᠵᠢᠰ ᠲᠤ ︽ᠮᠠᠨᠠᠳᠦ ᠠᠭᠤᠯᠨ︾ ᠬᠡᠵᠦ ᠪᠣᠢ᠃ ᠴᠢᠩ ᠣᠯᠣᠰ ᠤᠨ ᠡᠩᠬᠡ ᠠᠮᠣᠭᠤᠯᠠᠩ ᠬᠠᠭᠠᠨ ᠰᠢᠳᠠᠷ ᠴᠡᠷᠢᠭ ᠲᠠᠢ ᠪᠠᠨ ᠠᠪᠠᠯᠠᠬᠤ ᠪᠠᠷ ᠢᠷᠡᠭᠡᠳ ︽ᠬᠠᠷ᠎ᠠ ᠠᠭᠤᠯᠨ︾ ᠶᠢᠨ ᠣᠷᠣᠢ ᠲᠡᠭᠡᠷ᠎ᠠ ᠭᠠᠷᠴᠦ ᠭᠤᠶᠣ ᠰᠠᠶᠢᠬᠠᠨ ᠦᠵᠡᠮᠵᠢ ᠶᠢ ᠨᠢ ᠪᠠᠭ᠋ᠠᠷᠬᠠᠬᠤ ᠳᠠᠭᠠᠨ᠄ ︽ᠡᠨᠡ ᠠᠭᠤᠯᠨ ᠨᠡᠭᠡᠷᠡᠨ ᠲᠡᠬᠦᠰ ᠬᠤᠳᠣᠭᠳᠦ ᠰᠠᠶᠢᠬᠠᠨ ᠬᠠᠨ ᠠᠭᠤᠯᠨ ᠪᠠᠶᠢᠨ᠎ᠠ︾ ᠬᠡᠵᠦ ᠠᠶᠢᠯᠠᠳᠴᠠᠢ ᠬᠡᠨ᠎ᠠ᠃ ᠲᠡᠬᠦᠨ  ᠠᠴᠠ ᠠᠪᠣᠭᠠᠳ ᠲᠣᠰ ᠠᠭᠤᠯᠨ ᠶᠢ ︽ᠰᠠᠶᠢᠬᠠᠨ ᠬᠠᠨ ᠠᠭᠤᠯᠨ︾ ᠬᠡᠮᠡᠨ ᠲᠠᠭᠤᠳᠠᠬᠤ ᠪᠣᠯᠵᠠᠢ᠃ ᠲᠡᠭᠷᠢ ᠶᠢᠨ ᠰᠡᠴᠡᠨ ᠤ ᠬᠤᠶᠠᠳᠣᠭᠠᠷ ᠣᠨ ︵1628 ᠣᠨ︶ ᠳᠤ ᠪᠠᠭᠠᠷᠢᠨ ᠠᠶᠢᠮᠠᠭ ᠤᠨ ᠰᠧᠳᠡᠷ ᠨᠣᠶᠠᠨ ᠬᠦᠪᠡᠬᠦᠨ ᠰᠧᠪᠳᠡᠨ᠂ ᠠᠴᠢ ᠬᠦᠪᠡᠬᠦᠨ ᠮᠠᠨᠽᠣᠰᠢᠷᠢ᠂ ᠰᠧᠷᠡᠩ ᠨᠠᠷ ᠲᠠᠢ ᠬᠠᠮᠳᠦ ᠬᠤᠶᠢᠳᠦ ᠠᠯᠳᠠᠨ ᠣᠯᠣᠰ ᠲᠤ ᠣᠷᠣᠵᠦ ᠦᠭᠴᠠᠢ᠃ ᠰᠡᠬᠦᠯᠡᠷ ᠨᠢ᠂ ᠡᠶᠡᠪᠡᠷ ᠵᠠᠰᠠᠭᠴᠢ ᠬᠠᠭᠠᠨ ᠪᠠᠭᠠᠷᠢᠨ ᠠᠶᠢᠮᠠᠭ ᠤᠨ ᠰᠧᠷᠡᠩ ᠨᠠᠷ  ᠲᠠᠢ ᠬᠠᠮᠳᠦ ᠬᠤᠶᠢᠳᠦ ᠠᠯᠳᠠᠨ ᠣᠯᠣᠰ ᠲᠤ ᠣᠷᠣᠵᠦ ᠦᠭᠴᠠᠢ᠃ ᠰᠡᠬᠦᠯᠡᠷ ᠨᠢ᠂ ᠡᠶᠡᠪᠡᠷ ᠵᠠᠰᠠᠭᠴᠢ ᠬᠠᠭᠠᠨ ᠪᠠᠭᠠᠷᠢᠨ ᠠᠶᠢᠮᠠᠭ ᠤᠨ ᠰᠧᠷᠡᠩ ᠲᠠᠶᠢᠵᠢ ᠳᠤ ᠲᠦᠷᠣᠯ ᠤᠨ ᠦᠬᠢᠨ ᠬᠤᠱᠣᠢ ᠠᠪᠬᠠᠢ ᠶᠢ ᠬᠠᠳᠣᠨ ᠪᠣᠯᠭᠠᠨ ᠦᠭᠴᠦ ᠡᠹᠦ᠋ ᠡᠷᠬᠦᠮᠵᠢᠯᠡᠪᠡ᠃ ᠡᠶᠡᠪᠡᠷ ᠵᠠᠰᠠᠭᠴᠢ ᠶᠢᠨ ᠲᠠᠪᠣᠳᠣᠭᠠᠷ ᠣᠨ ︵1948 ᠣᠨ︶ ᠳᠤ ᠪᠠᠭᠠᠷᠢᠨ ᠢ ᠵᠡᠬᠦᠨ ᠪᠠᠷᠠᠭᠤᠨ ᠬᠤᠶᠠᠷ ᠬᠤᠰᠢᠭᠤ ᠬᠤᠪᠢᠶᠠᠵᠦ᠂ ᠰᠧᠪᠳᠡᠨ ᠢ ᠵᠢᠶᠦ᠋ᠨ ᠸᠠᠩ ᠡᠷᠬᠦᠮᠵᠢᠯᠡᠨ ᠪᠠᠭᠠᠷᠢᠨ ᠪᠠᠷᠠᠭᠤᠨ ᠭᠠᠷᠣᠨ ᠬᠤᠰᠢᠭᠤ ᠶᠢ ᠵᠠᠬᠢᠷᠣᠭᠤᠯᠵᠦ᠂ ᠮᠠᠨᠽᠣᠰᠢᠷᠢ ᠶᠢ ᠪᠠᠶᠢᠰᠨ ᠡᠷᠬᠦᠮᠵᠢᠯᠡᠨ ᠪᠠᠭᠠᠷᠢᠨ ᠵᠡᠬᠦᠨ ᠭᠠᠷᠣᠨ ᠬᠤᠰᠢᠭᠤᠨ ᠤ ᠵᠠᠰᠠᠭ ᠨᠣᠶᠠᠨ ᠪᠣᠯᠭᠠᠵᠠᠢ᠃ ᠡᠹᠦ᠋ ᠰᠧᠷᠡᠩ ᠢ ︽ᠵᠠᠩᠵᠣᠨ ᠪᠠᠶᠢᠰᠨ︾ ᠡᠷᠬᠦᠮᠵᠢᠯᠡᠵᠦ᠂ ᠡᠳᠣᠭᠡ ᠶᠢᠨ ᠯᠢᠨᠳᠦ᠋ᠡᠭ ᠪᠠᠯᠭᠠᠰᠣᠨ ᠤ ᠭᠠᠵᠠᠷ ᠪᠣᠯᠣᠨ ᠵᠠᠯ᠎ᠠ ᠶᠢᠨ ᠬᠤᠸ᠋ᠨ ᠵᠡᠷᠭᠡ ᠭᠠᠵᠠᠷ ᠢ ᠰᠣᠶᠣᠷᠬᠠᠨ ᠦᠭᠴᠦ᠂ ᠵᠠᠰᠠᠭ ᠤᠨ ᠬᠡᠷᠡᠭ ᠬᠠᠮᠢᠶᠠᠷᠬᠤ ᠦᠭᠡᠢ ᠬᠠᠶᠢᠷ᠎ᠠ ᠶᠢᠨ ᠪᠠᠶᠢᠰᠨ — ︽ᠵᠠᠩᠵᠣᠨ ᠪᠠᠶᠢᠰᠨ︾ ᠪᠣᠯᠭᠠᠪᠡ᠃ ᠲᠡᠬᠦᠨ ᠠᠴᠠ ᠵᠠᠩᠵᠣᠨ ᠪᠠᠶᠢᠰᠨ ᠰᠧᠷᠡᠩ ᠰᠠᠶᠢᠬᠠᠨ ᠬᠠᠨ ᠠᠭᠤᠯᠨ ᠶᠢᠨ ᠣᠷᠣᠢ ᠳᠤ ᠠᠩᠬ᠎ᠠ ᠣᠳᠠᠭ᠎ᠠ ᠭᠠᠷᠴᠦ᠂ ᠬᠠᠮᠤᠭ ᠤᠨ ᠦᠨᠳᠣᠷ ᠭᠤᠣᠯ ᠣᠷᠣᠢ ᠲᠡᠭᠡᠷ᠎ᠠ ᠨᠢ ᠣᠪᠣᠭ᠎ᠠ ᠪᠣᠰᠬᠠᠨ ᠲᠠᠬᠢᠯᠭ᠎ᠠ ᠲᠠᠬᠢᠵᠠᠢ᠃ ᠬᠡᠪᠡᠴᠦ ᠣᠪᠣᠭ᠎ᠠ ᠡᠬᠢᠯᠡᠵᠦ ᠲᠠᠬᠢᠭᠰᠡᠨ ᠣᠨ ᠵᠢᠯ ᠨᠢ ᠲᠣᠳᠣᠷᠬᠠᠢ ᠦᠭᠡᠢ᠃ ᠮᠡᠬᠦᠰ ᠮᠢᠨᠦ ᠪᠠᠷᠣᠭᠯᠠᠬᠤ ᠪᠠᠷ ᠰᠧᠷᠡᠩ ᠲᠠᠶᠢᠵᠢ 1628 ᠣᠨ ᠳᠤ ᠠᠯᠳᠠᠨ ᠣᠯᠣᠰ ᠲᠤ ᠲᠠᠭᠠᠷ᠎ᠠ ᠡᠴᠢᠬᠦ ᠠᠴᠠ ᠡᠮᠣᠨ᠎ᠠ ᠰᠠᠶᠢᠬᠠᠨ ᠬᠠᠨ ᠠᠭᠤᠯᠠᠨ ᠳᠤ ᠣᠪᠣᠭ᠎ᠠ ᠪᠣᠰᠬᠠᠵᠦ ᠲᠠᠬᠢᠭᠰᠡᠨ ᠪᠠᠶᠢᠵᠦ ᠮᠡᠳᠡᠨ᠎ᠠ᠃ ᠣᠴᠢᠷ ᠨᠢ᠂ ᠪᠠᠭᠠᠷᠢᠨ ᠲᠠᠶᠢᠵᠢ ᠰᠧᠷᠡᠩ ᠮᠣᠩᠭᠤᠯ ᠤᠨ ᠬᠠᠭᠠᠨ ᠯᠢᠭᠳᠡᠨ ᠠᠴᠠ ᠰᠠᠯᠵᠦ ᠦᠭᠡᠷ᠎ᠠ ᠣᠯᠣᠰ ᠲᠤ ᠣᠷᠣᠵᠦ ᠦᠭᠬᠦ ᠬᠡᠵᠦ ᠪᠠᠶᠢᠬᠤ ᠪᠣᠯᠬᠤᠷ ᠣᠴᠢᠷ ᠶᠠᠪᠣᠳᠠᠯ ᠶᠠᠮᠠᠷ ᠪᠣᠯᠬᠤ ᠶᠢ ᠮᠡᠳᠡᠬᠦ ᠦᠭᠡᠢ ᠲᠣᠯᠨ ᠰᠢᠳᠣᠭᠡᠨ ᠠᠭᠤᠯᠨ ᠶᠢᠨ ᠢᠶᠠᠨ ᠨᠠᠪᠳᠠᠭ ᠰᠠᠪᠳᠠᠭ ᠲᠠᠭᠠᠨ ᠨᠡᠮᠬᠠᠴᠢᠯᠠᠵᠦ᠂ ᠠᠮᠣᠷ ᠲᠦᠪᠰᠢᠨ ᠢᠶᠠᠨ ᠲᠠᠭᠠᠳᠬᠠᠭᠰᠡᠨ ᠪᠠᠶᠢᠵᠦ ᠮᠡᠳᠡᠨ᠎ᠠ︔ ᠡᠰᠡᠬᠦᠯ᠎ᠠ ᠬᠠᠭᠠᠨ ᠤ ᠲᠦᠷᠣᠯ ᠤᠨ ᠦᠬᠢᠨ ᠢ ᠪᠠᠭᠤᠯᠭᠠᠵᠦ ᠣᠯᠣᠰ ᠤᠨ ᠡᠹᠦ᠋ ᠪᠣᠯᠣᠭᠰᠡᠨ  ᠳᠠᠭᠠᠨ ᠪᠠᠶᠠᠷᠯᠠᠨ ᠪᠦᠬᠦ ᠬᠤᠰᠢᠭᠤᠨ ᠤ ᠬᠦᠮᠣᠨ ᠠᠷᠠᠳ ᠢ ᠴᠣᠭᠯᠠᠭᠤᠯᠣᠨ ᠨᠠᠶᠢᠷ ᠬᠢᠭᠰᠡᠨ ᠴᠦ ᠪᠠᠶᠢᠵᠦ ᠮᠡᠳᠡᠨ᠎ᠠ᠃ ᠶᠠᠭᠤ ᠪᠣᠯᠣᠭᠰᠡᠨ ᠳᠤ 1648 ᠣᠨ ᠠᠴᠠ ᠨᠡᠯᠢᠶᠡᠳ ᠡᠷᠳᠡᠨ ᠤ ᠣᠴᠢᠷ ᠪᠠᠶᠢᠵᠦ ᠲᠠᠭᠠᠷᠠᠨ᠎ᠠ᠃ ᠲᠡᠣᠭᠡᠨ ᠪᠢᠴᠢᠭ  ᠲᠤ ᠦᠶ᠎ᠠ ᠣᠯᠠᠷᠢᠨ ᠵᠢᠯ ᠵᠢᠯ ᠲᠠᠬᠢᠳᠠᠭ ᠬᠡᠵᠦ ᠪᠢᠴᠢᠵᠦ ᠪᠠᠶᠢᠬᠤ ᠪᠠᠷ ᠦᠵᠡᠬᠦ ᠳᠤ ᠪᠠᠭᠠᠷᠢᠨ ᠢ ᠬᠤᠶᠠᠷ ᠬᠤᠰᠢᠭᠤ ᠪᠣᠯᠭᠠᠨ ᠬᠤᠪᠢᠶᠠᠬᠤ ᠠᠴᠠ ᠡᠮᠣᠨ᠎ᠠ ᠨᠡᠯᠢᠶᠡᠳ ᠣᠯᠠᠨ ᠣᠳᠠᠭ᠎ᠠ ᠲᠠᠬᠢᠭᠰᠡᠨ ᠪᠠᠶᠢᠳᠠᠯ ᠲᠠᠢ᠃ ᠰᠧᠷᠡᠩ ᠲᠠᠶᠢᠵᠢ ᠶᠢᠨ ᠪᠣᠰᠬᠠᠭᠰᠡᠨ ᠣᠪᠣᠭ᠎ᠠ ᠪᠣᠯ ᠲᠠᠷᠣᠢ ᠰᠠᠶᠢᠬᠠᠨ ᠬᠠᠨ ᠠᠭᠤᠯᠨ ᠶᠢᠨ ᠬᠠᠮᠤᠭ ᠦᠨᠳᠣᠷ ᠣᠷᠣᠢ ᠲᠡᠭᠡᠷ᠎ᠠ ᠪᠠᠶᠢᠭ᠎ᠠ ︽ᠬᠤᠶᠠᠷ ᠬᠤᠰᠢᠭᠤ ᠣᠪᠣᠭ᠎ᠠ︾ ᠮᠦᠨ᠃ ᠲᠠᠷᠣᠢ ᠣᠳᠣᠬᠢ ᠭᠠᠯ ᠰᠡᠷᠬᠡᠶᠢᠯᠡᠬᠦ ᠠᠰᠡᠷ  ᠤᠨ ᠪᠠᠷᠠᠭᠤᠨ ᠬᠤᠶᠢᠨ᠎ᠠ ᠨᠢ ᠪᠠᠶᠢᠵᠠᠢ᠃ ᠣᠪᠣᠭ᠎ᠠ ᠶᠢᠨ ᠣᠣᠯ ᠤᠨ ᠪᠠᠶᠢᠳᠠᠯ ᠨᠢ ᠭᠤᠣᠯ ᠣᠪᠣᠭ᠎ᠠ ᠠᠴᠠ ᠵᠡᠬᠦᠨᠰᠢ ᠪᠠᠷᠠᠭᠤᠨᠰᠢ ᠲᠣᠰ ᠪᠦᠷᠢ ᠶᠢᠰᠣ ᠶᠢᠰᠣᠨ ᠵᠢᠵᠢᠭ ᠣᠪᠣᠭ᠎ᠠ ᠲᠠᠢ᠂ ᠬᠤᠶᠢᠰᠢ ᠡᠮᠣᠨᠠᠰᠢ ᠲᠠᠪᠤ ᠲᠠᠪᠣᠨ ᠵᠢᠵᠢᠭ ᠣᠪᠣᠭ᠎ᠠ  ᠲᠠᠢ᠃ ᠲᠣᠰ ᠣᠪᠣᠭ᠎ᠠ ᠶᠢ ᠵᠢᠯ ᠪᠦᠷᠢ ᠶᠢᠨ 5 ᠰᠠᠷ᠎ᠠ ᠶᠢᠨ ᠰᠢᠨ᠎ᠠ ᠶᠢᠨ 9 ᠳᠤ ᠪᠠᠭᠠᠷᠢᠨ ᠤ ᠵᠡᠬᠦᠨ᠂ ᠪᠠᠷᠠᠭᠤᠨ ᠬᠤᠶᠠᠷ ᠬᠤᠰᠢᠭᠤ ᠬᠠᠮᠳᠦ ᠪᠠᠷ ᠲᠠᠬᠢᠵᠦ ᠶᠡᠭᠡ ᠬᠡᠮᠵᠢᠶᠡᠨ ᠤ ᠨᠠᠶᠢᠷ ᠲᠠᠯᠪᠢᠳᠠᠭ᠃ 1648 ᠣᠨ ᠳᠤ ᠬᠤᠶᠠᠷ ᠬᠤᠰᠢᠭᠤ ᠪᠣᠯᠵᠦ ᠰᠠᠯᠣᠭᠰᠡᠨ ᠪᠣᠯᠪᠠᠴᠦ ᠭᠠᠵᠠᠷ ᠨᠣᠳᠤᠭ ᠤᠨ ᠵᠠᠭᠠᠭ ᠢ ᠲᠣᠳᠣᠷᠬᠠᠢ ᠰᠠᠯᠭᠠᠭᠰᠡᠨ ᠦᠭᠡᠢ ᠪᠦᠭᠡᠳ ᠠᠭᠤᠯᠨ ᠪᠠᠨ ᠬᠤᠪᠢᠶᠠᠭᠰᠡᠨ ᠦᠭᠡᠢ ᠪᠣᠯᠬᠤᠷ ᠲᠠᠶᠢᠵᠢ ᠰᠧᠷᠡᠩ ᠤᠨ ᠪᠣᠰᠬᠠᠭᠰᠡᠨ ᠣᠪᠣᠭ᠎ᠠ ᠶᠢ ᠬᠤᠶᠠᠷ ᠪᠠᠭᠠᠷᠢᠨ ᠬᠠᠮᠳᠦ ᠪᠠᠷ ᠢᠶᠠᠨ ᠲᠠᠬᠢᠳᠠᠭ ᠪᠠᠶᠢᠵᠠᠢ᠃ ᠬᠤᠷᠢᠳᠣᠭᠠᠷ ᠵᠠᠭᠤᠨ ᠤ ᠭᠤᠴᠢᠭᠠᠳ ᠣᠨ  ᠤ ᠡᠬᠢᠨ ᠤ ᠦᠶᠡᠰ ᠲᠤ ᠴᠦ ᠰᠣᠮᠣ ᠪᠦᠷᠢ ᠠᠴᠠ ᠨᠢᠭᠡ ᠬᠤᠨᠢ ᠲᠠᠳᠠᠪᠣᠷᠢᠯᠡᠨ ᠠᠪᠴᠦ ᠣᠪᠣᠭ᠎ᠠ ᠪᠠᠨ ᠬᠠᠮᠳᠦ ᠪᠠᠷ ᠲᠠᠬᠢᠵᠦ ᠪᠠᠶᠢᠭᠰᠡᠨ ᠢᠶᠠᠨ ᠭᠤᠴᠢᠭᠠᠳ ᠣᠨ ᠤ ᠲᠣᠮᠳᠠᠴᠢ ᠪᠠᠷ ᠪᠠᠭᠠᠷᠢᠨ ᠪᠠᠷᠠᠭᠤᠨ ᠭᠠᠷᠣᠨ ᠬᠤᠰᠢᠭᠤ ᠣᠪᠣᠭᠠᠨ ᠱᠦᠡᠭᠰᠢᠭ ᠢᠶᠠᠨ ᠵᠠᠯᠠᠵᠦ ᠠᠪᠴᠢᠷᠠᠭᠰᠡᠨ ᠠᠴᠠ ᠬᠤᠶᠠᠷ ᠬᠤᠰᠢᠭᠤᠨ ᠤ ᠣᠪᠣᠭᠠᠨ ᠲᠠᠬᠢᠯᠭ᠎ᠠ ᠲᠠᠰᠣᠷᠠᠭᠰᠡᠨ ᠬᠡᠨ᠎ᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ