ᠪᠠᠭᠠᠷᠢᠨ ᠵᠡᠬᠦᠨ ᠭᠠᠷᠣᠨ ᠬᠤᠰᠢᠭᠤᠨ ᠤ ᠵᠠᠰᠠᠭ ᠲᠦᠭᠡᠷᠵᠠᠪ ᠴᠢᠩ ᠣᠯᠣᠰ ᠤᠨ ᠪᠠᠳᠠᠷᠠᠭᠤᠯᠳᠦ ᠲᠦᠷᠦ ᠶᠢᠨ ᠠᠷᠪᠡᠨ ᠲᠦᠷᠪᠡᠳᠣᠭᠡᠷ ᠣᠨ ︵1888 ᠣᠨ︶ | ᠳᠤ ᠬᠤᠶᠠᠷ ᠨᠢᠳᠣᠳᠦ ᠨᠣᠳᠤᠭ ᠢᠶᠠᠷ ᠱᠠᠩᠨᠠᠭᠳᠠᠵᠦ ᠪᠠᠶᠢᠰᠨ ᠡᠷᠬᠦᠮᠵᠢᠯᠡᠭᠳᠡᠪᠡ᠃ ᠬᠦᠮᠣᠰ ᠲᠡᠬᠦᠨ ᠢ ︽ᠮᠡᠷᠭᠡᠨ ᠪᠠᠶᠢᠰᠨ︾ ᠬᠡᠵᠦ ᠬᠦᠨᠳᠣᠳᠭᠡᠨ ᠲᠠᠭᠤᠳᠠᠳᠠᠭ | ᠬᠡᠨ᠎ᠠ᠃ ᠮᠡᠷᠭᠡᠨ ᠪᠠᠶᠢᠰᠨ ᠬᠡᠳᠣᠨ ᠴᠢᠭᠤᠯᠭᠠᠨ ᠳᠤ ᠨᠡᠷ᠎ᠠ ᠠᠯᠳᠠᠷᠰᠢᠭᠰᠡᠨ ᠵᠠᠬᠢᠷᠣᠭᠴᠢ ᠯᠾᠡᠰᠧᠷᠠᠩᠵᠠᠪ ᠤᠨ ᠰᠠᠨᠠᠭᠠᠴᠢᠯᠠᠭ᠎ᠠ ᠪᠠᠷ ᠪᠠᠷᠠᠭᠤᠨ ᠬᠤᠨᠭ᠍ᠬᠤᠷ ᠤᠨ | ᠪᠠᠷᠠᠭᠤᠨ ᠲᠠᠯ᠎ᠠ ᠶᠢᠨ ᠲᠣᠮᠣ ᠬᠠᠮᠠᠷ ᠤᠨ ᠡᠬᠢ ᠬᠦᠳᠣᠯ᠂ ᠬᠠᠨ ᠠᠭᠤᠯᠨ ᠶᠢᠨ ᠭᠤᠣᠯ ᠣᠷᠣᠢ ᠠᠴᠠ 300 ᠢᠯᠡᠬᠦᠦ ᠮᠧᠳ᠋ᠷ ᠲᠣᠣᠷ᠎ᠠ᠂ ᠵᠡᠬᠦᠨᠰᠢ ᠪᠠᠷᠠᠭᠤᠨᠰᠢ | 150 ᠮᠧᠳ᠋ᠷ ᠦᠷᠭᠡᠨ᠂ ᠬᠤᠶᠢᠰᠢ ᠡᠮᠣᠨᠠᠰᠢ 100 ᠮᠧᠳ᠋ᠷ ᠣᠷᠳᠦ ᠲᠡᠭᠰᠢ ᠰᠠᠶᠢᠬᠠᠨ ᠲᠠᠯ᠎ᠠ ᠭᠠᠵᠠᠷ ᠢ ᠰᠣᠩᠭᠤᠵᠦ ᠲᠣᠰᠠᠭᠠᠷ ᠣᠪᠣᠭ᠎ᠠ ᠪᠣᠰᠬᠠᠭᠠᠳ ᠵᠢᠯ | ᠪᠦᠷᠢ ᠶᠢᠨ ᠪᠢᠯᠢᠭ ᠤᠨ ᠣᠯᠠᠷᠢᠯ ᠤᠨ 6 ᠰᠠᠷ᠎ᠠ ᠶᠢᠨ ᠰᠢᠨ᠎ᠠ ᠶᠢᠨ 7 ᠤ ᠡᠳᠣᠷ᠂ ᠵᠡᠬᠦᠨ ᠪᠠᠭᠠᠷᠢᠨ ᠤ ᠬᠢᠨ ᠬᠤᠪᠢ ᠪᠠᠷ ᠢᠶᠠᠨ ᠲᠠᠬᠢᠵᠠᠭᠠᠳᠠᠭ᠃ ᠣᠪᠣᠭ᠎ᠠ ᠨᠢ ᠲᠣᠮᠣ | ᠣᠪᠣᠭ᠎ᠠ ᠠᠴᠠ ᠪᠠᠨ ᠵᠡᠬᠦᠨᠰᠢ ᠪᠠᠷᠠᠭᠤᠨᠰᠢ ᠲᠣᠰ ᠪᠦᠷᠢ ᠵᠢᠷᠭᠤᠭ᠎ᠠ ᠵᠢᠷᠭᠤᠭᠠᠨ ᠣᠪᠣᠭ᠎ᠠ ᠲᠠᠢ᠂ ᠣᠭ ᠰᠠᠭᠤᠷᠢ ᠨᠢ ᠡᠳᠣᠭᠡ ᠬᠡᠪ ᠢᠶᠠᠷ ᠢᠶᠠᠨ ᠪᠠᠶᠢᠭᠰᠠᠭᠠᠷ᠃ ᠲᠡᠭᠡᠷ᠎ᠠ | ᠵᠠᠭᠤᠨ ᠤ ᠭᠤᠴᠢᠭᠠᠳ ᠣᠨ ᠠᠴᠠ ᠰᠡᠬᠦᠯᠡᠷ ᠴᠢᠯᠣᠭᠡᠯᠡᠭᠳᠡᠬᠦ ᠪᠣᠯᠳᠠᠯ᠎ᠠ ᠲᠠᠬᠢᠵᠦ ᠪᠠᠶᠢᠭᠰᠡᠨ ᠲᠣᠮᠣ ᠣᠪᠣᠭ᠎ᠠ ᠪᠣᠯ ᠪᠠᠷᠠᠭᠤᠨ ᠪᠠᠭᠠᠷᠢᠨ ᠣᠪᠣᠭᠠᠨ ᠱᠦᠡᠭᠰᠢᠭ ᠢᠶᠠᠨ | ᠵᠠᠯᠠᠵᠦ ᠠᠪᠴᠢᠷᠠᠭᠰᠡᠨ ᠤ ᠲᠠᠷᠠᠭ᠎ᠠ ᠮᠡᠷᠭᠡᠨ ᠪᠠᠶᠢᠰᠨ ᠶᠢᠨ ᠪᠣᠰᠬᠠᠭᠰᠡᠨ ᠣᠪᠣᠭ᠎ᠠ ᠪᠠᠨ ᠲᠡᠭᠡᠭᠰᠢᠯᠡᠬᠦᠯᠦᠭᠡᠳ ᠠᠭᠤᠯᠨ ᠶᠢᠨ ᠣᠷᠣᠢ ᠳᠤ ᠰᠢᠯᠵᠢᠬᠦᠯᠣᠨ ᠪᠣᠰᠬᠠᠭᠰᠡᠨ | ᠣᠪᠣᠭ᠎ᠠ ᠮᠦᠨ᠃ ᠪᠠᠭᠠᠷᠢᠨ ᠵᠡᠬᠦᠨ ᠬᠤᠰᠢᠭᠤ ᠬᠤᠰᠢᠭᠤᠨ ᠣᠪᠣᠭ᠎ᠠ ᠪᠠᠨ ᠵᠢᠯ ᠪᠦᠷᠢ ᠶᠢᠨ ᠵᠢᠷᠭᠤᠭᠠᠨ ᠰᠠᠷ᠎ᠠ ᠶᠢᠨ ᠲᠣᠯᠣᠭᠠᠨ ᠳᠤ ᠡᠳᠣᠷ ᠲᠠᠬᠢᠳᠠᠭ ᠪᠦᠭᠡᠳ | ᠢᠯᠠᠩᠭᠤᠶ᠎ᠠ ᠴᠢᠯᠣᠭᠡᠯᠡᠭᠳᠡᠭᠰᠡᠨ ᠤ ᠲᠠᠷᠠᠭ᠎ᠠ ᠣᠪᠣᠭ᠎ᠠ ᠲᠠᠬᠢᠬᠤ ᠬᠡᠪᠴᠢᠶ᠎ᠠ ᠨᠢ ᠦᠷᠭᠡᠵᠢᠵᠦ᠂ ᠨᠠᠭᠠᠳᠣᠮ ᠲᠣᠭᠯᠠᠭᠠᠮ ᠤᠨ ᠲᠦᠷᠣᠯ ᠵᠦᠢᠯ ᠨᠢ ᠴᠦ ᠣᠯᠠᠰᠢᠷᠠᠵᠠᠢ᠃ | ᠬᠠᠮᠤᠭ ᠰᠡᠬᠦᠯᠴᠢ ᠶᠢᠨ ᠬᠤᠰᠢᠭᠤᠨ ᠤ ᠣᠪᠣᠭᠠᠨ ᠨᠠᠶᠢᠷ ᠢ 1952 ᠣᠨ ︵ᠬᠠᠷ᠎ᠠ ᠯᠣᠣ ᠵᠢᠯ︶ ᠳᠤ ᠵᠣᠣ ᠣᠳᠠ ᠠᠶᠢᠮᠠᠭ ︵ᠲᠣᠬᠠᠢ ᠶᠢᠨ ᠦᠶ᠎ᠠ ᠳᠤ ᠠᠶᠢᠮᠠᠭ ᠤᠨ | ᠵᠠᠬᠢᠷᠭ᠎ᠠ ᠯᠢᠨᠳᠦ᠋ᠡᠭ ᠳᠤ ᠪᠠᠶᠢᠵᠠᠢ︶ ᠠᠴᠠ ᠡᠷᠬᠢᠯᠡᠨ ᠬᠢᠭᠰᠡᠨ ᠪᠣᠯᠬᠤᠷ ᠪᠦᠬᠦ ᠠᠶᠢᠮᠠᠭ ᠤᠨ ᠬᠡᠪᠴᠢᠶᠡᠨ ᠤ ᠲᠠᠮᠢᠷᠴᠢᠳ ᠣᠷᠣᠯᠴᠠᠭᠰᠡᠨ ᠪᠠᠶᠢᠨ᠎ᠠ᠃ ᠮᠦᠨ ᠵᠢᠯ ᠳᠤᠨᠢ | ᠨᠣᠣᠷᠭᠠᠢ ᠨᠣᠳᠤᠭ ︵ᠵᠢᠷᠭᠤᠳᠣᠭᠠᠷ ᠲᠣᠭᠤᠷᠢᠭ︶᠂ ᠰᠣᠪᠣᠷᠭ᠎ᠠ ᠨᠣᠳᠤᠭ ︵ᠲᠠᠪᠣᠳᠣᠭᠠᠷ ᠲᠣᠭᠤᠷᠢᠭ︶ ᠢ ᠪᠠᠭᠠᠷᠢᠨ ᠪᠠᠷᠠᠭᠤᠨ ᠬᠤᠰᠢᠭᠤᠨ ᠳᠤ ᠬᠤᠪᠢᠶᠠᠵᠦ | ᠦᠭᠬᠦᠭᠰᠡᠨ ᠪᠣᠯᠬᠤᠷ ᠰᠠᠶᠢᠬᠠᠨ ᠬᠠᠨ ᠠᠭᠤᠯᠨ ᠴᠦ ᠪᠠᠭᠠᠷᠢᠨ ᠪᠠᠷᠠᠭᠤᠨ ᠬᠤᠰᠢᠭᠤᠨ ᠤ ᠬᠠᠷᠢᠶᠡᠨ ᠳᠤ ᠣᠷᠣᠭᠠᠳ᠂ ᠠᠯᠢ ᠬᠤᠰᠢᠭᠤ ᠨᠢ ᠴᠦ ᠣᠪᠣᠭ᠎ᠠ | ᠲᠠᠬᠢᠬᠤ ᠪᠠᠨ ᠪᠣᠯᠢᠵᠠᠢ᠃ | ᠰᠠᠶᠢᠬᠠᠨ ᠬᠠᠨ ᠠᠭᠤᠯᠨ ᠶᠢᠨ ᠣᠷᠣᠢ ᠶᠢᠨ ᠬᠠᠮᠤᠭ ᠪᠠᠷᠠᠭᠤᠨ ᠲᠠᠯ᠎ᠠ ᠳᠠᠬᠢ ᠪᠢᠴᠢᠬᠠᠨ ᠬᠠᠳᠠᠨ ᠲᠣᠯᠣᠭᠠᠢ ᠲᠡᠭᠡᠷᠡᠬᠢ ᠣᠪᠣᠭ᠎ᠠ ᠪᠣᠯ ᠴᠣᠩᠵᠢᠨ ᠰᠦᠮ᠎ᠠ ᠶᠢᠨ | ᠲᠠᠬᠢᠳᠠᠭ ︽ᠬᠡᠬᠡᠨ ᠣᠪᠣᠭ᠎ᠠ︾ ᠪᠣᠯᠣᠨ᠎ᠠ᠃ ᠲᠣᠰ ᠣᠪᠣᠭ᠎ᠠ ᠶᠢ ᠬᠡᠵᠢᠶ᠎ᠠ ᠪᠣᠰᠬᠠᠵᠦ᠂ ᠬᠡᠵᠢᠶ᠎ᠠ ᠠᠴᠠ ᠡᠬᠢᠯᠡᠵᠦ ᠲᠠᠬᠢᠭᠰᠡᠨ ᠲᠡᠣᠭᠡᠨ ᠲᠡᠮᠳᠡᠭᠯᠡᠯ ᠪᠠ ᠣᠯᠠᠮᠵᠢᠯᠠᠯ | ᠶᠠᠷᠢᠶ᠎ᠠ ᠣᠯᠳᠠᠭᠰᠡᠨ ᠦᠭᠡᠢ᠃ ᠴᠣᠩᠵᠢᠨ ᠴᠦᠮ᠎ᠠ ᠶᠢ 1662 ᠣᠨ ᠳᠤ ᠪᠠᠶᠢᠭᠤᠯᠣᠭᠰᠡᠨ ᠲᠣᠯᠨ ᠡᠬᠦᠨ ᠠᠴᠠ ᠰᠡᠬᠦᠯᠡᠷᠬᠢ ᠶᠠᠪᠣᠳᠠᠯ ᠪᠣᠯᠬᠤ ᠨᠢ ᠲᠠᠮᠵᠢᠭ ᠦᠭᠡᠢ | ᠃ ᠲᠣᠰ ᠣᠪᠣᠭ᠎ᠠ ᠶᠢ ᠵᠢᠯ ᠪᠦᠷᠢ ᠶᠢᠨ ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ ᠠᠷᠪᠡᠨ ᠭᠤᠷᠪᠡᠨ ᠤ ᠡᠳᠣᠷ ᠴᠣᠩᠵᠢᠨ ᠰᠦᠮ᠎ᠠ ᠶᠢᠨ ᠰᠠᠩ ᠠᠴᠠ ᠵᠠᠷᠣᠯᠭ᠎ᠠ | ᠬᠠᠷᠢᠭᠤᠴᠠᠵᠦ᠂ ᠰᠦᠮ᠎ᠠ ᠶᠢᠨ ᠯᠠᠮᠨ ᠨᠠᠷ ᠡᠷᠬᠢᠯᠡᠨ ᠲᠠᠬᠢᠵᠦ ᠨᠠᠶᠢᠷ ᠲᠠᠯᠪᠢᠳᠠᠭ ᠪᠠᠶᠢᠵᠠᠢ᠃ ᠪᠠᠭᠠᠷᠢᠨ ᠵᠡᠬᠦᠨ ᠬᠤᠰᠢᠭᠤ ᠬᠤᠰᠢᠭᠤᠨ ᠣᠪᠣᠭ᠎ᠠ ᠪᠠᠨ ᠲᠠᠬᠢᠬᠤ ᠪᠠᠨ | ᠵᠣᠭᠰᠣᠭᠰᠡᠨ ᠤ ᠲᠠᠷᠠᠭ᠎ᠠ᠂ ᠴᠣᠩᠵᠢᠨ ᠭᠠᠴᠠᠭ᠎ᠠ ᠶᠢᠨ ᠮᠠᠯᠴᠢᠳ ᠯᠠᠮᠨ ᠨᠠᠷ ᠲᠠᠢ ᠬᠠᠮᠳᠦ ︽ᠬᠡᠬᠡᠨ ᠣᠪᠣᠭ᠎ᠠ︾ ᠶᠢ ᠲᠠᠬᠢᠬᠤ ᠪᠣᠯᠪᠡ᠃ ᠬᠡᠷᠪᠡ ᠪᠣᠷᠣᠭᠠᠨ ᠬᠤᠷ᠎ᠠ | ᠶᠡᠭᠡ ᠣᠷᠣᠭᠠᠳ ᠠᠭᠤᠯᠨ ᠶᠢᠨ ᠣᠷᠣᠢ ᠳᠤ ᠭᠠᠷᠴᠦ ᠴᠢᠳᠠᠬᠤ ᠦᠭᠡᠢ ᠪᠣᠯ ᠬᠤᠶᠠᠷ ᠬᠤᠨᠭ᠍ᠬᠤᠷ ᠤᠨ ᠠᠭᠤᠯᠵᠠᠷ ᠠᠴᠠ 100 ᠢᠯᠡᠬᠦᠦ ᠮᠧᠳ᠋ᠷ ᠡᠮᠣᠨ᠎ᠠ ᠪᠠᠶᠢᠭ᠎ᠠ | ᠵᠢᠵᠢᠭ ᠬᠠᠳᠠᠨ ᠣᠷᠣᠢ ᠳᠤ ᠪᠣᠰᠬᠠᠬᠠᠭᠰᠡᠨ ᠪᠣᠯᠠᠭ ᠤᠨ ᠣᠪᠣᠭ᠎ᠠ ︵ᠡᠨᠡ ᠬᠠᠳᠠᠨ ᠲᠣᠯᠣᠭᠠᠢ ᠶᠢᠨ ᠵᠡᠬᠦᠨ ᠢᠷᠤᠭᠠ ᠠᠴᠠ ᠰᠢᠷᠬᠢᠰᠢ ᠦᠭᠡᠢ ᠣᠨᠳᠣᠷᠳᠠᠭ ᠪᠣᠯᠠᠭ | ᠪᠠᠶᠢᠨ᠎ᠠ︶ ᠶᠢ ᠲᠠᠬᠢᠳᠠᠭ ᠶᠤᠮ᠃ ᠡᠨᠡ ᠣᠪᠣᠭ᠎ᠠ ᠶᠢ ᠪᠠᠰᠨ ︽ᠭᠠᠵᠠᠷ ᠣᠪᠣᠭ᠎ᠠ︾ ᠬᠡᠳᠡᠭ᠃ ᠬᠠᠨ ᠠᠭᠤᠯᠨ ᠶᠢᠨ ᠣᠷᠣᠢ ᠳᠤ ᠭᠠᠷᠴᠦ ᠲᠡᠶᠢᠯᠬᠦ ᠦᠭᠡᠢ ᠡᠪᠣᠭᠡᠳ | ᠨᠠᠰᠣᠳᠠᠶᠢᠴᠣᠳ ᠦᠷᠬᠦᠯᠵᠢ ᠡᠨᠡ ᠣᠪᠣᠭ᠎ᠠ ᠶᠢ ᠲᠠᠬᠢᠳᠠᠭ᠃ ᠲᠡᠭᠡᠷ᠎ᠠ ᠵᠠᠭᠤᠨ ᠤ ᠵᠢᠷᠭᠠᠭᠠᠳ ᠣᠨ ᠤ ᠣᠷᠤᠭ᠎ᠠ ᠪᠣᠰᠬᠠᠭ᠎ᠠ ᠴᠠᠭ ᠦᠶ᠎ᠠ ᠳᠤ ᠣᠪᠣᠭ᠎ᠠ ᠶᠢ ᠢᠯᠨ ᠪᠠᠷ | ᠲᠠᠬᠢᠬᠤ ᠶᠠᠪᠣᠳᠠᠯ ᠵᠣᠭᠰᠣᠭᠰᠡᠨ ᠪᠣᠯᠪᠠᠴᠦ ᠮᠠᠯᠴᠢᠨ ᠲᠦᠮᠡᠨ ᠨᠢᠭᠤᠴᠨ ᠪᠠᠷ ᠠᠭᠤᠯᠨ ᠪᠠᠨ ᠲᠠᠬᠢᠭᠰᠠᠭᠠᠷ ᠢᠷᠡᠭᠰᠡᠨ ᠪᠢᠯᠨ᠃ |