1980 ᠣᠨ ᠤ ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ ᠠᠷᠪᠡᠨ ᠭᠤᠷᠪᠡᠨ ᠤ ᠡᠳᠣᠷ᠂ ᠴᠣᠩᠵᠢᠨ ᠭᠠᠴᠠᠭ᠎ᠠ ᠶᠢᠨ ᠮᠠᠯᠴᠢᠨ ᠰᠧᠷᠡᠩ ᠬᠤᠶᠠᠷ | ᠪᠠᠭᠠᠷᠢᠨ ᠤ ᠲᠣᠯᠣᠭᠠᠨ ᠰᠣᠮᠣ ᠠᠴᠠ ᠣᠪᠣᠭ᠎ᠠ ᠲᠠᠬᠢᠬᠤ ᠪᠠᠷ ᠢᠷᠡᠭᠰᠡᠨ ᠣᠯᠠᠨ ᠲᠦᠮᠡᠨ ᠪᠣᠯᠣᠨ ᠪᠦᠭᠡᠴᠣᠳ ᠢ ᠵᠣᠬᠢᠶᠠᠨ ᠪᠠᠶᠢᠭᠤᠯᠵᠦ᠂ ᠣᠰᠣᠡᠡᠬᠢ ︵ᠣᠰᠣᠨ ᠡᠬᠢ | ︶ ᠭᠠᠴᠠᠭᠠᠨ ᠤ ᠮᠠᠯᠴᠢᠨ ᠠᠯᠳᠠᠡᠪᠠᠭᠠᠨᠠ᠂ ᠴᠣᠩᠵᠢᠨ ᠪᠠᠭ᠎ᠠ ᠰᠣᠷᠭᠠᠭᠤᠯᠢ ᠶᠢᠨ ᠪᠠᠭᠰᠢ ᠡᠩᠬᠡ ᠬᠤᠶᠠᠷ ᠢ ᠬᠤᠪᠰᠣᠷᠣᠭᠴᠢ ᠪᠣᠯᠭᠠᠵᠦ᠂ ᠰᠠᠶᠢᠨ ᠲᠣᠷ᠎ᠠ ᠠᠴᠠ ᠪᠠᠨ | ᠦᠭᠬᠦᠭᠰᠡᠨ ᠡᠷᠬᠦᠯᠳᠠ ᠶᠢᠨ ᠵᠣᠭᠤᠰ ᠢ ᠬᠤᠷᠠᠮᠳᠣᠭᠤᠯᠵᠦ᠂ ᠠᠭᠤᠯᠠᠨ ᠳᠤ ᠢᠷᠡᠭᠰᠡᠨ ᠬᠤᠳᠠᠯᠳᠣᠭᠠᠴᠢᠳ ᠠᠴᠠ ᠬᠡᠪ ᠤᠨ ᠴᠠᠢ᠂ ᠠᠷᠢᠬᠢ᠂ ᠲᠠᠮᠠᠬᠢ᠂ ᠠᠯᠴᠢᠭᠤᠷ | ᠵᠡᠷᠭᠡ ᠶᠢ ᠬᠤᠳᠠᠯᠳᠣᠨ ᠠᠪᠴᠦ᠂ ᠪᠦᠭᠡ ᠪᠠᠷᠢᠯᠳᠣᠭᠤᠯᠣᠨ᠂ ᠮᠣᠷᠢ ᠣᠷᠣᠯᠳᠣᠭᠤᠯᠵᠦ ᠱᠠᠩᠨᠠᠯ ᠦᠭᠬᠦᠭᠡᠳ᠂ ᠢᠯᠨ ᠪᠠᠷ ᠣᠪᠣᠭ᠎ᠠ ᠲᠠᠬᠢᠬᠤ ᠬᠦᠰᠢᠭᠡ ᠶᠢ | ᠰᠡᠬᠦᠭᠰᠡᠨ ᠠᠴᠠ ᠣᠯᠠᠨ ᠢᠶᠠᠷ ᠢᠶᠠᠨ ᠰᠧᠷᠡᠩ ᠢ ᠣᠪᠣᠭᠠᠨ ᠲᠠᠭᠠᠭᠠᠮᠠᠯ ᠪᠣᠯᠭᠠᠭᠰᠡᠨ ᠪᠠᠶᠢᠨ᠎ᠠ᠃ ᠲᠡᠭᠡᠭᠡᠳ ᠲᠡᠬᠦᠨ ᠤ ᠡᠷᠬᠢᠯᠡᠭᠡ ᠲᠣᠣᠷ᠎ᠠ ᠴᠣᠩᠵᠢᠨ ᠭᠠᠴᠠᠭ᠎ᠠ | ᠬᠠᠷᠢᠭᠤᠴᠠᠵᠦ ᠪᠠᠶᠢᠭᠠᠳ ᠣᠪᠣᠭᠠᠨ ᠨᠠᠶᠢᠷ ᠢᠶᠠᠨ ᠵᠢᠯ ᠲᠠᠷᠠᠭᠠᠯᠠᠨ ᠣᠯᠠᠮ ᠬᠦᠷ ᠬᠦᠭᠵᠢᠶᠡᠨ ᠲᠠᠢ ᠬᠢᠭᠰᠡᠨ ᠮᠦᠷᠳᠡᠭᠡᠨ ᠬᠡᠪᠴᠢᠶ᠎ᠠ ᠨᠢ ᠦᠷᠭᠡᠵᠢᠨ᠂ ᠱᠠᠩᠨᠠᠯ ᠤᠨ | ᠪᠣᠳᠠᠰ ᠨᠢ ᠨᠡᠮᠡᠭᠳᠡᠵᠦ᠂ ᠠᠭᠤᠯᠭ᠎ᠠ ᠨᠢ ᠪᠠᠶᠠᠯᠢᠭᠵᠢᠬᠤ ᠶᠢ ᠲᠠᠭᠠᠯᠳᠣᠨ ᠬᠤᠰᠢᠭᠤ ᠪᠣᠯᠣᠨ ᠰᠣᠮᠣ ᠠᠴᠠ ᠲᠡᠮᠵᠢᠬᠦ ᠪᠣᠶᠦ ᠰᠢᠭᠤᠳ ᠣᠷᠣᠯᠴᠠᠬᠤ ᠪᠣᠯᠣᠭᠰᠡᠨ ᠪᠠᠶᠢᠨ᠎ᠠ | ᠃ 1985 ᠣᠨ ᠳᠤ ᠭᠠᠨᠭ᠍ᠭᠠᠨ ᠰᠣᠮᠣ ᠶᠢᠨ ᠵᠠᠰᠠᠭ ᠤᠨ ᠣᠷᠳᠣᠨ ᠠᠴᠠ ᠬᠠᠷᠢᠭᠤᠴᠠᠨ ᠣᠪᠣᠭᠠᠨ ᠲᠠᠬᠢᠯᠭ᠎ᠠ ᠬᠢᠪᠡ᠃ | | | 1988 ᠣᠨ ᠳᠤ ᠪᠠᠭᠠᠷᠢᠨ ᠪᠠᠷᠠᠭᠤᠨ ᠬᠤᠰᠢᠭᠤᠨ ᠤ ᠬᠤᠰᠢᠭᠤᠨ ᠲᠠᠷᠤᠭ᠎ᠠ ᠪᠦᠷᠢᠡᠡᠦ᠋ᠯᠵᠡᠢ ᠶᠢᠨ ᠰᠠᠨᠠᠭᠠᠴᠢᠯᠠᠭ᠎ᠠ ᠪᠠᠷ ᠴᠣᠩᠵᠢᠨ ᠰᠦᠮ᠎ᠠ ᠶᠢᠨ ᠯᠠᠮᠨ | ᠶᠣᠨᠳᠣᠨ᠂ ᠪᠠᠨᠴᠢᠨ ᠪᠣᠭᠳᠠ ᠠᠴᠠ ᠰᠠᠶᠢᠬᠠᠨ ᠬᠠᠨ ᠠᠭᠤᠯᠨ ᠶᠢᠨ ᠣᠪᠣᠭᠠᠨ ᠳᠤ ᠬᠢᠬᠦ ᠱᠦᠡᠭᠰᠢᠭ ᠭᠤᠷᠪᠡᠨ ᠱᠠᠭᠠᠵᠠᠩ ᠯᠣᠩᠬᠤ ᠲᠠᠢ ᠶᠠᠭᠤᠮ᠎ᠠ ᠪᠠ ᠨᠢᠭᠡ | ᠲᠦᠷᠪᠡᠯᠵᠢᠨ ᠪᠠᠭᠯᠠᠭ᠎ᠠ ᠲᠠᠢ ᠶᠠᠭᠤᠮ᠎ᠠ ᠶᠢ ᠠᠪᠴᠢᠷᠠᠵᠠᠢ᠃ ᠪᠠᠨᠴᠢᠨ ᠪᠣᠭᠳᠠ ᠱᠠᠭᠠᠵᠠᠩ ᠯᠣᠩᠬᠤ ᠶᠢᠨ ᠠᠮᠠᠰᠡᠷ ᠢ ᠪᠠᠳᠦ ᠪᠠᠬᠢ ᠪᠢᠳᠡᠬᠦᠮᠵᠢᠯᠡᠭᠰᠡᠨ ᠪᠦᠭᠡᠳ ᠯᠨ | ᠴᠢᠳᠬᠤᠵᠦ ᠲᠠᠮᠠᠭ᠎ᠠ ᠪᠠᠨ ᠲᠠᠷᠣᠵᠠᠢ᠃ ᠡᠬᠦᠨ ᠢ ᠣᠭ ᠤᠨ ᠪᠠᠭᠠᠷᠢᠨ ᠵᠡᠬᠦᠨ ᠬᠤᠰᠢᠭᠤᠨ ᠤ ᠣᠪᠣᠭ᠎ᠠ ᠶᠢᠨ ᠲᠣᠣᠷ᠎ᠠ ᠪᠣᠯᠠᠵᠦ ᠱᠦᠡᠭᠰᠢᠭᠯᠡᠭᠰᠡᠨ ᠪᠦᠭᠡᠳ | ᠣᠪᠣᠭ᠎ᠠ ᠪᠠᠨ ᠶᠡᠭᠡᠰᠭᠡᠨ ᠵᠠᠰᠠᠵᠦ ᠭᠤᠣᠯ ᠳᠤᠨᠢ ︽ᠳ᠋ᠤᠭ︾ ᠤᠨ ᠬᠡᠯᠪᠡᠷᠢ ᠲᠠᠢ ᠱᠣᠷᠣᠭᠰᠢᠭ ᠪᠣᠰᠬᠠᠵᠠᠢ᠃ ᠲᠦᠷᠪᠡᠯᠵᠢᠨ ᠪᠠᠭᠯᠠᠭ᠎ᠠ ᠲᠠᠢ ᠶᠠᠭᠤᠮ᠎ᠠ ᠶᠢ | ᠣᠪᠣᠭ᠎ᠠ ᠶᠢᠨ ᠡᠮᠣᠨ᠎ᠠ ᠲᠠᠯᠪᠢᠵᠦ ᠠᠮᠢᠯᠠᠭᠤᠯᠣᠨ ᠲᠠᠬᠢᠭᠰᠡᠨ ᠤ ᠲᠠᠷᠠᠭ᠎ᠠ ᠳ᠋ᠠᠪᠠᠨ ᠤ ᠮᠦᠵᠠᠢ ᠳᠤ ᠬᠠᠳᠠᠭᠠᠯᠠᠬᠤ ᠳᠤ ᠠᠪᠠᠴᠢᠵᠠᠢ᠃ ᠲᠠᠷᠠᠭ᠎ᠠ ᠵᠢᠯ ᠠᠴᠠ ᠨᠢ ᠡᠨᠡ | ᠣᠪᠣᠭ᠎ᠠ ᠵᠣᠭᠤᠰ ᠲᠤ ᠰᠢᠨᠣᠬᠠᠢ ᠪᠦᠳᠣᠯᠬᠦ᠋ᠢᠴᠣᠳ ᠲᠤ ᠭᠤᠷᠪᠡᠨ ᠵᠢᠯ ᠲᠠᠷᠠᠭᠠᠯᠠᠨ ᠠᠭᠤᠳᠠᠯᠠᠭᠳᠠᠭᠰᠡᠨ ᠪᠣᠯᠪᠠᠴᠦ ᠬᠤᠰᠢᠭᠤ ᠰᠣᠮᠣᠨ ᠤ ᠲᠡᠮᠵᠢᠯᠭᠡ ᠪᠠᠷ ᠣᠪᠣᠭᠠᠨ | ᠨᠠᠶᠢᠷ ᠨᠢ ᠡᠷᠬᠢᠯᠡᠬᠦ ᠲᠣᠳᠣᠮ ᠶᠡᠭᠡᠰᠴᠦ᠂ ᠰᠢᠯᠢ ᠶᠢᠨ ᠭᠤᠣᠯ᠂ ᠣᠯᠠᠭᠠᠡᠬᠠᠳᠠ ᠬᠤᠶᠠᠷ ᠠᠶᠢᠮᠠᠭ ᠬᠤᠳᠠ ᠶᠢᠨ ᠵᠠᠷᠢᠮ ᠬᠤᠰᠢᠭᠤᠳ ᠪᠠ ᠵᠠᠷᠣᠳ ᠬᠤᠰᠢᠭᠤ᠂ | ᠪᠡᠭᠡᠵᠢᠩ ᠬᠤᠳᠠ᠂ ᠬᠦᠬᠡᠬᠤᠳᠠ ᠶᠢᠨ ᠪᠦᠭᠡᠴᠣᠳ ᠴᠦ ᠨᠠᠶᠢᠷ ᠲᠤ ᠢᠷᠡᠵᠦ ᠪᠠᠷᠢᠯᠳᠣᠬᠤ ᠪᠣᠯᠪᠡ᠃ ᠨᠠᠩᠳᠠ ᠨᠠᠶᠢᠷ ᠤᠨ ᠠᠭᠤᠯᠭ᠎ᠠ ᠪᠠᠶᠠᠯᠢᠭᠵᠢᠵᠦ᠂ ᠺᠢᠨᠤ᠋ ᠭᠠᠷᠭᠠᠬᠤ | ᠂ ᠣᠷᠠᠨ ᠰᠠᠶᠢᠬᠠᠨ ᠤ ᠲᠣᠭᠯᠠᠯᠳᠠ ᠦᠵᠡᠬᠦᠯᠬᠦ᠂ ᠲᠠᠭᠤᠣ ᠰᠢᠯᠦᠭ ᠤᠨ ᠮᠦᠷᠦ᠋ᠢᠴᠡᠭᠡᠨ ᠶᠠᠪᠣᠭᠤᠯᠬᠤ᠂ ᠬᠢᠳᠠᠳ ᠮᠣᠩᠭᠤᠯ ᠰᠢᠳᠠᠷ᠎ᠠ ᠲᠠᠯᠪᠢᠬᠤ᠂ ᠲᠦᠳᠡᠭ ᠭᠠᠯ ᠤᠨ | ᠦᠳᠡᠰᠢᠯᠡᠭᠡ ᠡᠷᠬᠢᠯᠡᠬᠦ ᠁ ᠪᠣᠯᠣᠭᠰᠡᠨ ᠠᠴᠠ ᠣᠪᠣᠭᠠᠨ ᠨᠠᠶᠢᠷ ᠢ ᠬᠤᠪᠢ ᠪᠠᠷ ᠡᠷᠬᠢᠯᠡᠬᠦ ᠪᠠᠷ ᠭᠤᠶᠣᠴᠢᠯᠠᠬᠤ ᠬᠦᠮᠣᠰ ᠣᠯᠠᠰᠢᠷᠠᠵᠠᠢ᠃ 1992 ᠣᠨ ᠳᠤ | ᠣᠪᠣᠭᠠᠨ ᠲᠠᠭᠠᠭᠠᠮᠠᠯ ᠰᠧᠷᠡᠩ ᠬᠠᠷᠢᠭᠤᠴᠡᠨ ᠡᠷᠬᠢᠯᠡᠵᠦ᠂ ᠪᠣᠬ᠎ᠠ ᠶᠢᠨ ᠲᠠᠯ᠎ᠠ ᠳᠤ ᠮᠣᠷᠢᠨ ᠣᠷᠣᠯᠳᠣᠭᠠᠨ ᠤ ᠲᠠᠯᠠᠪᠠᠢ ᠪᠡᠯᠡᠳᠭᠡᠨ᠂ ᠲᠠᠯ᠎ᠠ ᠪᠦᠷᠢ ᠨᠢ ᠮᠢᠩᠭᠠᠨ ᠮᠧᠳ᠋ᠷ | ᠣᠷᠳᠦ ᠲᠡᠭᠰᠢ ᠲᠦᠷᠪᠡᠯᠵᠢᠨ ᠭᠠᠵᠠᠷ ᠤᠨ ᠲᠦᠷᠪᠡᠨ ᠦᠨᠴᠦᠭ ᠲᠤᠨᠢ ᠽᠧᠮᠧᠨ᠋ᠲ ᠬᠡᠷᠣᠭᠡ ︵ᠱᠣᠩ︶ ᠪᠣᠰᠬᠠᠵᠦ ᠪᠢᠳᠡᠬᠦᠮᠵᠢᠯᠡᠵᠠᠢ᠃ 1991 ᠣᠨ ᠳᠤ ᠪᠠᠭᠠᠷᠢᠨ | ᠨᠣᠳᠤᠭ ᠲᠠᠢ ᠦᠵᠣᠮᠣᠴᠢᠨ ᠳᠤ ᠠᠮᠢᠳᠣᠷᠠᠵᠦ ᠪᠠᠶᠢᠭ᠎ᠠ ᠨᠢᠮᠡᠳᠣᠩᠷᠣᠪ᠂ ᠴᠡᠩᠬᠡᠯᠪᠡᠳᠦ᠂ ᠬᠠᠳᠠ᠂ ᠦᠯᠵᠡᠶᠢᠪᠦ᠋ᠭᠡ ᠵᠡᠷᠭᠡ ᠵᠢᠷᠭᠤᠭᠠᠨ ᠡᠷᠣᠭᠡ ᠬᠠᠮᠳᠣᠷᠠᠨ ᠣᠪᠣᠭᠠᠨ | ᠨᠠᠶᠢᠷ ᠡᠷᠬᠢᠯᠡᠪᠡ᠃ 1998 ᠣᠨ ᠳᠤ ᠴᠣᠩᠵᠢᠨ ᠭᠠᠴᠠᠭ᠎ᠠ ᠪᠣᠯᠣᠨ ᠪᠠᠭᠠᠷᠢᠨ ᠵᠡᠬᠦᠨ ᠬᠤᠰᠢᠭᠤᠨ ᠤ ᠰᠠᠶᠢᠡᠬᠤᠳᠳᠤᠭ ᠭᠠᠴᠠᠭ᠎ᠠ᠂ ᠮᠣᠷᠢᠡᠬᠤᠰᠢᠭᠤ ᠭᠠᠴᠠᠭ᠎ᠠ | ᠬᠠᠮᠳᠣᠷᠠᠨ ᠡᠷᠬᠢᠯᠡᠵᠦ᠂ ᠬᠡᠪᠴᠢᠶ᠎ᠠ ᠪᠠᠷ ᠬᠠᠮᠤᠭ ᠶᠡᠭᠡ ᠭᠤᠷᠪᠡᠨ ᠡᠳᠣᠷ ᠤᠨ ᠨᠠᠶᠢᠷ ᠬᠢᠪᠡ᠃ |