ᠮᠠᠯ ᠰᠢᠨᠡᠯᠡᠭᠦᠯᠭᠦ
ᠨᠡᠶᠢᠲᠡᠯᠡᠭᠰᠡᠨ ᠴᠠᠭ᠄
2024/11/27
     ᠮᠠᠯ ᠠᠬᠤᠢ ᠪᠠᠨ ᠬᠠᠶᠢᠷᠠᠯᠠᠨ᠂ ᠦᠷᠡᠵᠢᠭᠦᠯᠦᠨ ᠦᠰᠭᠡᠭᠦ ᠶᠢ ᠪᠡᠯᠭᠡᠳᠡᠵᠤ᠂ ᠪᠠᠭᠠᠷᠢᠨᠴᠤᠳ ᠴᠠᠭᠠᠨ ᠰᠠᠷ᠎ᠠ ᠶᠢᠨ ᠰᠢᠨ᠎ᠡ ᠶᠢᠨ ᠨᠢᠭᠡᠨ᠂ ᠰᠢᠨ᠎ᠡ ᠶᠢᠨ ᠨᠠᠢᠮᠠᠨ᠂ ᠬᠤᠶᠠᠷ ᠰᠠᠷ᠎ᠠ ᠶᠢᠨ ᠬᠤᠶᠠᠷ ᠲᠤ ᠳᠤᠰ ᠳᠤᠰ ᠮᠠᠯ ᠰᠢᠨᠡᠯᠭᠦᠯᠭᠦ ᠨᠠᠶᠢᠷ ᠴᠤᠭᠯᠠᠭᠠᠨ ᠬᠢᠳᠡᠭ ᠶᠤᠮ᠃ ᠰᠢᠨ᠎ᠡ ᠶᠢᠨ ᠨᠢᠭᠡᠨ ᠤ ᠦᠷᠯᠦᠭᠡ ᠨᠠᠷᠠ ᠭᠠᠷᠬᠤ ᠦᠶ᠎ᠡ ᠪᠠᠷ ᠳᠡᠭᠷᠢ ᠳᠠᠬᠢᠵᠤ ᠪᠠᠷᠠᠭᠰᠠᠨ ᠤ ᠳᠠᠷᠠᠭ᠎ᠠ᠂ ᠮᠠᠯ ᠢᠶᠠᠨ ᠪᠦᠭᠦᠳᠡ ᠶᠢ ᠡᠪᠡᠰᠦᠯᠡᠨ ᠬᠤᠭᠯᠠᠵᠤ᠂ ᠭᠦᠵᠢ ᠠᠷᠴᠠ ᠪᠠᠷ ᠪᠤᠢ ᠪᠦᠭᠦᠢ ᠪᠤᠳᠠ ᠪᠤᠭ ᠮᠠᠯ ᠪᠤᠯᠤᠨ ᠮᠠᠯ ᠤᠨ ᠬᠠᠰᠢᠶ᠎ᠠ ᠰᠠᠷᠠᠪᠴᠢ ᠪᠠᠨ ᠠᠷᠢᠭᠤᠯᠠᠵᠤ᠂ ᠮᠠᠯ ᠢᠶᠠᠨ ᠳᠤᠰ ᠵᠢᠯ ᠤᠨ ᠰᠠᠶᠢᠨ ᠵᠦᠭ ᠲᠤ ᠵᠠᠯᠠᠵᠤ ᠳᠠᠯᠪᠢᠳᠠᠭ ᠶᠤᠮ᠃ ᠢᠩᠬᠢᠵᠤ ᠬᠢᠪᠡᠯ ᠮᠠᠯ ᠠᠬᠤᠢ ᠶᠡᠭᠡᠳᠡ ᠦᠭᠡᠳᠡ ᠤᠷᠤᠵᠤ᠂ ᠦᠷᠡᠵᠢᠵᠤ ᠦᠰᠦᠭᠡᠳ ᠦᠭᠦᠯ ᠬᠤᠷᠤᠭᠳᠠᠯ ᠦᠭᠡᠢ ᠪᠤᠯᠳᠠᠭ ᠭᠡᠵᠤ ᠳᠡᠳᠡ ᠦᠵᠡᠳᠡᠭ᠃ ᠰᠢᠨ᠎ᠡ ᠶᠢᠨ ᠨᠠᠢᠮᠠᠨ ᠳᠤ᠂ ᠠᠶᠢᠯ ᠬᠤᠳᠠ ᠪᠠᠷ ᠢᠶᠠᠨ ᠮᠠᠯ ᠰᠢᠨᠡᠯᠡᠭᠦᠯᠳᠡᠭ ᠤᠳᠤᠮᠰᠢᠯᠳᠤ ᠭᠠᠵᠠᠷ ᠲᠤ ᠪᠤᠢ ᠪᠦᠭᠦᠢ ᠮᠠᠯ ᠢᠶᠠᠨ ᠬᠤᠷᠢᠶᠠᠨ ᠴᠤᠭᠯᠠᠭᠤᠯᠵᠤ᠂ ᠮᠠᠯᠴᠢᠨ ᠪᠠᠭᠠᠳᠤᠷ ᠢᠶᠠᠨ ᠱᠠᠩᠨᠠᠨ ᠭᠦᠬᠢᠭᠦᠯᠵᠤ ᠮᠠᠯ ᠤᠨ ᠢᠷᠦᠭᠡᠯ ᠤᠩᠰᠢᠭᠤᠯᠵᠤ᠂ ᠤᠩᠭᠤᠨ ᠮᠠᠯ  ᠢᠶᠠᠨ ᠮᠢᠯᠢᠶᠠᠵᠤ᠂ ᠦᠷᠡᠰ ᠮᠠᠯ ᠰᠢᠯᠭᠠᠷᠠᠭᠤᠯᠤᠨ ᠱᠠᠩᠨᠠᠵᠤ᠂ ᠤᠷᠠᠨ ᠳᠤᠭᠯᠠᠭᠠᠮ ᠭᠠᠷᠭᠠᠨ᠂ ᠨᠠᠰᠤᠳᠠᠶᠢᠴᠤᠳ ᠠᠷᠢᠬᠢ ᠤᠤᠭᠤᠵᠤ ᠨᠠᠶᠢᠷᠯᠠᠳᠠᠭ ᠪᠢᠯᠡ᠃ ᠬᠤᠶᠠᠷ ᠰᠠᠷ᠎ᠠ ᠶᠢᠨ ᠬᠤᠶᠠᠷ ᠮᠠᠯ ᠰᠢᠯᠭᠠᠷᠠᠭᠤᠯᠤᠨ ᠱᠠᠩᠨᠠᠵᠤ᠂ ᠤᠷᠠᠨ ᠳᠤᠭᠯᠠᠭᠠᠮ ᠭᠠᠷᠭᠠᠨ᠂ ᠨᠠᠰᠤᠳᠠᠶᠢᠴᠤᠳ ᠠᠷᠢᠬᠢ ᠤᠤᠭᠤᠵᠤ ᠨᠠᠶᠢᠷᠯᠠᠳᠠᠭ ᠪᠢᠯᠡ᠃ ᠬᠤᠶᠠᠷ ᠰᠠᠷ᠎ᠠ ᠶᠢᠨ ᠬᠤᠶᠠᠷ ᠲᠤ᠂ ᠳᠤᠭᠳᠠᠭᠰᠠᠨ ᠭᠠᠵᠠᠷ ᠲᠠᠭᠠᠨ ᠪᠦᠭᠦ ᠠᠶᠢᠯ ᠤᠨ ᠭᠦᠮᠦᠰ ᠴᠤᠭᠯᠠᠵᠤ ᠮᠠᠯ ᠰᠦᠷᠦᠭ ᠢᠶᠠᠨ ᠳᠤᠭᠤᠷᠢᠭᠤᠯᠤᠨ ᠪᠡᠯᠴᠢᠭᠡᠷᠯᠡᠭᠦᠯᠵᠤ ᠳᠠᠯᠪᠢᠨ᠎ᠠ᠃ ᠮᠤᠷᠢ᠂ ᠦᠭᠡᠷ᠂ ᠬᠤᠨᠢ ᠤᠩᠭᠤᠯᠬᠠᠤ ᠪᠤᠶᠤ ᠤᠩᠭᠤᠨ ᠰᠢᠯᠵᠢᠭᠦᠯᠵᠤ᠂ ᠤᠯᠠᠨ  ᠢᠶᠠᠷ ᠢᠶᠠᠨ ᠨᠠᠶᠢᠷ ᠨᠠᠭᠠᠳᠤᠮ ᠭᠠᠷᠭᠠᠵᠤ᠂ ᠭᠦᠰᠭᠦᠯᠡᠭᠡ ᠲᠠᠢ ᠰᠢᠩᠭᠡᠨ ᠪᠤᠳᠠᠭ᠎ᠠ ᠢᠳᠡᠵᠤ ᠠᠷᠢᠬᠢ ᠤᠤᠭᠤᠳᠠᠭ ᠶᠤᠮ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ