ᠮᠤᠩᠭᠤᠯᠴᠤᠳ ᠮᠠᠯ ᠰᠦᠷᠦᠭ ᠢᠶᠠᠨ ᠦᠨᠢᠷ ᠦᠰᠴᠤ ᠦᠭᠦᠯ ᠬᠤᠷᠤᠭᠳᠠᠯ ᠦᠭᠡᠢ ᠶᠢ ᠪᠡᠯᠭᠡᠳᠡᠵᠤ᠂ ᠭᠤᠤᠯᠳᠠᠭᠤ ᠠᠳᠤᠭᠤ ᠦᠭᠡᠢ ᠬᠤᠨᠢᠨ ᠰᠦᠷᠦᠭ ᠳᠡᠭᠡᠨ | ᠤᠩᠭᠤᠯᠠᠳᠠᠭ᠃ ᠤᠩᠭᠤᠨ ᠮᠠᠯ ᠢ ᠰᠤᠩᠭᠤᠬᠤ ᠳᠠᠭᠠᠨ ᠡᠭᠦᠯᠳᠡᠷ ᠤᠳᠤᠮ ᠦᠷᠡᠵᠢᠯ ᠪᠤᠶᠢᠵᠢᠯ ᠢᠶᠠᠷ ᠰᠠᠶᠢᠨ᠂ ᠰᠦᠷᠦᠭ ᠲᠡᠭᠡᠨ ᠤᠬᠢ᠂ ᠡᠵᠡᠨ ᠳᠡᠭᠡᠨ ᠢᠪᠡᠭᠡᠯᠳᠠᠢ᠂ | ᠦᠩᠭᠡ ᠵᠢᠰᠦᠮ ᠰᠠᠶᠢᠬᠠᠨ ᠮᠠᠯ ᠢ ᠵᠢᠰᠦᠯᠡᠳᠡᠭ᠃ ᠤᠯᠠᠩᠬᠢ ᠳᠠᠭᠠᠨ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠪᠤᠶᠤ ᠬᠤᠶᠠᠷ ᠰᠠᠷ᠎ᠠ ᠶᠢᠨ ᠬᠤᠶᠠᠷ ᠤᠨ ᠮᠠᠯ ᠤᠨ | ᠨᠠᠶᠢᠷ ᠳᠡᠭᠡᠷ᠎ᠡ ᠤᠩᠭᠤᠯᠠᠳᠠᠭ ᠪᠤᠶᠤ ᠤᠩᠭᠤᠨ ᠰᠢᠯᠵᠢᠭᠦᠯᠳᠡᠭ ᠶᠤᠮ᠃ ᠮᠠᠯ ᠤᠩᠭᠤᠯᠠᠬᠤ ᠳᠠᠭᠠᠨ ᠭᠡᠷ ᠤᠨ ᠡᠵᠡᠨ ᠨᠢ ᠤᠩᠭᠤᠯᠠᠬᠤ ᠭᠡᠵᠤ ᠪᠠᠶᠢᠭ᠎ᠠ ᠮᠤᠷᠢ ᠦᠭᠡᠷ | ᠬᠤᠨᠢ ᠪᠠᠨ ᠪᠠᠷᠢᠵᠤ᠂ ᠢᠷᠦᠭᠡᠯ ᠤᠩᠰᠢᠭᠤᠯᠬᠤ ᠶᠢᠨ ᠬᠠᠮᠳᠤ᠂ ᠡᠵᠡᠨ ᠨᠢ ᠰᠡᠭᠦᠯ ᠠᠴᠠ ᠨᠢ ᠭᠡᠳᠦᠨ ᠬᠢᠯᠭᠠᠰᠤ ᠦᠰᠤ ᠠᠪᠴᠤ ᠴᠠᠭᠠᠨ ᠪᠤᠳᠠᠭ᠎ᠠ ᠰᠢᠷ᠎ᠠ ᠳᠤᠰᠤ ᠲᠠᠢ | ᠬᠠᠮᠳᠤ ᠠᠮᠠ ᠰᠢᠳᠤ ᠶᠢ ᠨᠢ ᠮᠢᠯᠢᠶᠠᠵᠤ᠄ ︽ᠰᠦᠷᠦᠭ ᠲᠡᠭᠡᠨ ᠰᠤᠳᠤ᠂ ᠰᠦᠮᠪᠦᠷ ᠠᠭᠤᠯᠠ ᠰᠢᠭ᠋ ᠮᠦᠩᠬᠡ᠂ ᠰᠦᠨ ᠳᠠᠯᠠᠢ ᠰᠢᠭ᠋ ᠤᠨᠳᠤᠷᠤᠬᠤ ᠪᠤᠯᠳᠤᠭᠠᠢ︕︾ | ᠭᠡᠵᠤ ᠢᠷᠦᠭᠡᠭᠡᠳ᠂ ᠭᠠᠯ ᠪᠤᠷᠬᠠᠨ᠂ ᠠᠭᠤᠯᠠ ᠤᠰᠤᠨ ᠳᠠᠭᠠᠨ ᠮᠦᠷᠭᠦᠵᠤ᠂ ᠳᠡᠯ ᠰᠡᠭᠦᠯ ᠳᠤᠨᠢ ᠤᠯᠠᠭᠠᠨ ᠨᠤᠭᠤᠭᠠᠨ ᠪᠦᠰ ᠳᠡᠭᠦᠵᠢᠯᠡᠵᠤ ᠳᠠᠯᠪᠢᠳᠠᠭ᠃ ᠤᠩᠭᠤᠨ | ᠮᠠᠯ ᠢ ᠠᠯᠠᠵᠤ ᠬᠤᠳᠠᠯᠳᠤᠵᠤ᠂ ᠤᠨᠤᠵᠤ ᠭᠦᠯᠵᠤ ᠪᠤᠯᠬᠤ ᠦᠭᠡᠢ᠂ ᠭᠡᠷᠪᠡ ᠭᠦᠭᠰᠢᠷᠡᠵᠤ ᠮᠠᠭᠤᠳᠠᠪᠠᠯ ᠯᠠᠮᠠ ᠵᠠᠯᠠᠵᠤ ᠤᠩᠭᠤᠨ ᠰᠢᠯᠵᠢᠭᠦᠯᠳᠡᠭ᠃ ᠤᠩᠭᠤᠨ | ᠮᠤᠷᠢ ᠶᠢᠨ ᠳᠡᠯ ᠰᠡᠭᠦᠯ ᠢ ᠬᠢᠷᠭᠠᠳᠠᠭ ᠦᠭᠡᠢ᠃ |