ᠭᠡᠭᠦᠦ᠂ ᠢᠩᠭᠡ ᠤᠯᠠᠩᠬᠢ ᠳᠠᠭᠠᠨ ᠭᠡᠭᠡᠷ᠎ᠡ ᠳᠦᠯᠯᠡᠳᠡᠭ᠃ ᠭᠡᠪᠡᠴᠤ ᠢᠩᠭᠡ ᠪᠤᠳᠤᠭᠤᠯᠠᠭᠰᠠᠭᠠᠷ ᠪᠤᠳᠤᠭᠤ ᠪᠠᠨ ᠭᠤᠯᠤᠬᠤ ᠶᠠᠪᠤᠳᠠᠯ ᠬᠠᠶᠠ ᠭᠠᠷᠳᠠᠭ᠃ | ᠪᠤᠳᠤᠭᠤ ᠠᠪᠤᠭᠤᠯᠬᠤ ᠳᠠᠭᠠᠨ ᠳᠠᠭᠤᠤ ᠳᠠᠭᠤᠯᠠᠵᠤ ᠬᠤᠭᠤᠷ ᠳᠠᠷᠤᠳᠠᠭ ᠪᠦᠭᠡᠳ ᠪᠤᠳᠤᠭᠤ ᠪᠠᠨ ᠰᠢᠷ᠎ᠠ ᠢᠰᠡᠭᠡᠢ ᠪᠠᠷ ᠪᠤᠭᠤᠵᠤ ᠦᠭᠳᠡᠭ᠃ ᠦᠨᠢᠶ᠎ᠡ | ᠳᠤᠭᠤᠯᠯᠠᠭᠰᠠᠭᠠᠷ᠂ ᠦᠨᠢᠶᠡᠨ ᠤ ᠡᠪᠡᠷ ᠢ ᠮᠤᠷᠢᠨ ᠬᠠᠵᠠᠭᠠᠷ ᠢᠶᠠᠷ ᠴᠢᠩᠭᠠᠯᠠᠨ ᠤᠶᠠᠵᠤ᠂ ᠨᠢᠷᠤᠭᠤᠨ ᠳᠡᠭᠡᠷ᠎ᠡ ᠨᠢ ᠢᠰᠡᠭᠡᠢ᠂ ᠠᠷᠠᠰᠤ ᠪᠠᠷ ᠨᠠᠮᠨᠠᠵᠤ ᠳᠠᠯᠪᠢᠳᠠᠭ᠃ | ᠢᠩᠬᠢᠪᠡᠯ ᠭᠡᠭᠡᠢ ᠨᠢ ᠤᠨᠠᠬᠤ ᠨᠢ ᠳᠦᠷᠪᠡᠨ᠂ ᠭᠡᠮ ᠰᠠᠭᠤᠬᠤ ᠦᠭᠡᠢ ᠭᠡᠳᠡᠭ᠃ ᠳᠤᠭᠤᠯ ᠤᠨ ᠪᠡᠷᠪᠡᠭᠡᠢ ᠶᠢ ᠨᠢ ᠪᠠᠭ᠎ᠠ ᠠᠪᠴᠤ ᠦᠭᠳᠡᠭ ᠪᠦᠭᠡᠳ ᠢᠩᠬᠢᠪᠡᠯ | ᠮᠦᠰᠦᠨ ᠳᠡᠭᠡᠷ᠎ᠡ ᠬᠠᠯᠳᠤᠷᠢᠬᠤ ᠦᠭᠡᠢ ᠪᠤᠯᠳᠠᠭ ᠭᠡᠨ᠎ᠡ᠃ ᠦᠨᠢᠶᠡᠨ ᠤ ᠭᠡᠭᠡᠰᠢ ᠶᠢ ᠡᠷᠦᠢ ᠬᠤᠷᠤᠢ ᠠᠳᠡ ᠳᠡᠨᠳᠡ ᠬᠠᠶᠠᠵᠤ ᠨᠤᠬᠠᠢ ᠭᠠᠭ᠋ᠠᠢ ᠳᠤ ᠢᠳᠡᠭᠦᠯᠳᠡᠭ | ᠦᠭᠡᠢ᠂ ᠬᠠᠰᠢᠶᠠᠨ ᠤ ᠳᠤᠯᠤᠭᠠᠢ ᠪᠤᠶᠤ ᠫᠧᠩ ᠰᠠᠷᠠᠪᠴᠢ ᠳᠡᠭᠡᠷ᠎ᠡ ᠬᠠᠶᠠᠵᠤ ᠬᠠᠳᠠᠭᠠᠳᠠᠭ᠃ ᠢᠩᠬᠢᠪᠡᠯ ᠡᠭᠡ ᠳᠦᠯ ᠳᠤᠨᠢ ᠰᠠᠶᠢᠨ ᠭᠡᠳᠡᠭ᠃ |