ᠮᠠᠯ ᠬᠤᠳᠠᠯᠳᠤᠬᠤ ᠪᠠ ᠠᠯᠠᠬᠤ
ᠨᠡᠶᠢᠲᠡᠯᠡᠭᠰᠡᠨ ᠴᠠᠭ᠄
2024/11/27
      ᠮᠤᠩᠭᠤᠯᠴᠤᠳ ᠮᠠᠯ ᠬᠤᠳᠠᠯᠳᠤᠬᠤ ᠳᠠᠭᠠᠨ ᠮᠤᠷᠢ ᠦᠭᠡᠷ ᠤᠨ ᠳᠡᠯ ᠰᠡᠭᠦᠯ ᠠᠴᠠ ᠭᠡᠳᠦᠨ ᠬᠢᠯᠭᠠᠰᠤ ᠠᠪᠴᠤ᠂ ᠭᠡᠷ ᠤᠨ ᠡᠵᠡᠨ ᠤ ᠳᠤᠳᠤᠷ ᠬᠤᠷᠮᠤᠢ ᠳᠤ ᠨᠡᠶᠢᠯᠡᠭᠦᠯᠦᠨ ᠪᠠᠷᠢᠵᠤ ᠠᠮᠠ ᠰᠢᠳᠤ ᠶᠢ ᠨᠢ ᠢᠷᠦᠭᠡᠵᠤ᠂ ᠠᠮᠠᠨ ᠭᠡᠰᠢᠭ ᠢ ᠨᠢ ᠦᠯᠡᠳᠡᠭᠡᠵᠤ᠂ ᠮᠠᠯ ᠠᠬᠤᠢ ᠶᠢᠨ ᠢᠶᠠᠨ ᠦᠨᠢᠷ ᠦᠰᠦᠯᠳᠡ  ᠲᠠᠢ ᠶᠢ ᠪᠡᠯᠭᠡᠳᠡᠳᠡᠭ᠃ ᠮᠠᠯ ᠦᠭᠡᠷ ᠠᠯᠠᠬᠤ ᠳᠠᠭᠠᠨ ᠤᠷᠢᠳᠡᠪᠡᠷ ᠴᠠᠭᠠᠨ ᠪᠤᠳᠠᠭ᠎ᠠ ᠰᠢᠷ᠎ᠠ ᠳᠤᠰᠤ ᠶᠢ ᠳᠠᠪᠰᠢ ᠫᠢᠯᠠ  ᠳᠤ ᠳᠠᠯᠪᠢᠨ ᠠᠯᠠᠬᠤ ᠭᠡᠵᠤ ᠪᠠᠶᠢᠭ᠎ᠠ ᠮᠠᠯ ᠤᠨ ᠠᠮᠠᠨ ᠳᠤᠨᠢ ᠬᠢᠵᠤ᠂ ᠳᠡᠭᠡᠭᠰᠢ ᠬᠠᠷᠠᠭᠤᠯᠤᠨ ᠪᠤᠭᠴᠢᠵᠤ ᠤᠶᠠᠭᠠᠳ ᠰᠦᠨᠡᠰᠤ ᠶᠢ ᠨᠢ ᠳᠠᠭᠤᠳᠠᠵᠤ ᠦᠷᠦᠴᠢᠯᠡᠨ ᠠᠯᠠᠳᠠᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ