ᠰᠧ ᠳ᠋ᠣᠤ ᠵᠠᠩ ᠹᠠᠩ ᠬᠦᠭᠦᠷᠭᠡ
ᠨᠡᠶᠢᠲᠡᠯᠡᠭᠰᠡᠨ ᠴᠠᠭ᠄
2024/11/28
    ᠰᠧ ᠳ᠋ᠣᠤ ᠵᠠᠩ ᠹᠠᠩ ᠬᠦᠭᠦᠷᠭᠡ ᠤᠯᠤᠰ ᠤᠨ ᠵᠠᠮ 305 ᠱᠤᠭᠤᠮ ᠤᠨ ᠵᠤᠸᠠᠩ ᠯᠢᠨ ᠵᠠᠰᠠᠮᠠᠯ ᠵᠠᠮ ᠤᠨ ᠪᠣᠷᠣᠬᠤᠲᠠ ᠠᠴᠠ ᠪᠠᠭᠠᠷᠢᠨ ᠬᠦᠭᠦᠷᠭᠡ ᠬᠦᠷᠬᠦ ᠬᠡᠰᠡᠭ ᠤᠨ ᠣᠩᠨᠢᠭᠤᠳ ᠤᠨ ᠬᠠᠷᠢᠶᠠᠨ ᠳᠤ ᠪᠠᠶᠢᠷᠢᠯᠠᠵᠤ ᠪᠠᠶᠢᠳᠠᠭ᠂ ᠰᠧ ᠳ᠋ᠣᠤ ᠵᠠᠩ ᠹᠠᠩ ᠤᠨ ᠭᠤᠣᠯ ᠤᠨ ᠬᠦᠨᠳᠠᠢ ᠶᠢ ᠰᠣᠨᠳᠠᠯᠠᠵᠤ ᠪᠣᠢ᠃ ᠬᠦᠭᠦᠷᠭᠡ ᠶᠢᠨ ᠪᠦᠲᠦᠴᠠ ᠨᠢ ᠥᠪᠡᠷᠮᠢᠴᠡ᠂ ᠳᠡᠭᠡᠷ᠎ᠡ ᠬᠡᠰᠡᠭ ᠤᠨ ᠪᠦᠲᠦᠴᠠ ᠨᠢ ᠭᠠᠭᠴᠠ ᠭᠤᠯᠲᠣᠷᠢᠯ ᠲᠠᠢ᠂ ᠴᠡᠪᠡᠷ ᠠᠯᠭᠠᠰᠠᠯ ᠨᠢ 80 ᠮᠧᠲᠷ᠂ ᠠᠳᠠᠯᠢ ᠪᠤᠰᠤ ᠣᠭᠲᠤᠯᠤᠭᠠᠰᠤᠲᠠᠢ ᠬᠠᠶᠢᠷᠴᠠᠭ ᠤᠨ ᠬᠡᠯᠪᠡᠷᠢᠲᠦ ᠬᠠᠪᠢᠷᠭᠠᠨ ᠬᠦᠭᠦᠷᠭᠡ ᠪᠣᠯᠣᠨ᠎ᠠ᠃ ᠲᠡᠭᠰᠢᠯᠡᠭᠰᠡᠨ ᠤ ᠲᠠᠷᠠᠭᠠᠬᠢ ᠬᠦᠭᠦᠷᠭᠡᠨ ᠤ ᠥᠨᠳᠦᠷ ᠨᠢ 16 ᠮᠧᠲᠷ᠂ ᠭᠤᠯᠲᠤᠩ ᠤᠨ ᠬᠠᠪᠢᠷᠭᠠᠨ ᠤ ᠥᠷᠭᠡᠨ ᠨᠢ 1 ᠮᠧᠲᠷ᠂ ᠭᠤᠯᠲᠣᠷᠢᠯ ᠤᠨ ᠣᠷᠣᠢ ᠶᠢᠨ ᠥᠷᠭᠡᠨ ᠨᠢ 1.26 ᠮᠧᠳ᠋ᠷ᠂ ᠰᠠᠭᠤᠷᠢ ᠶᠢᠨ ᠥᠷᠭᠡᠨ ᠨᠢ 1.89 ᠮᠧᠲᠷ᠃ ᠭᠤᠯᠲᠣᠷᠢᠯ ᠤᠨ ᠬᠠᠪᠢᠷᠭᠠᠨ ᠤ ᠬᠤᠭᠤᠷᠣᠨᠳᠤᠬᠢ ᠬᠤᠪᠢᠷᠠᠬᠤ ᠢᠯᠡᠳᠬᠡᠮᠵᠢ ᠲᠤᠭ᠎ᠠ ᠨᠢ 0.4 ᠮᠧᠲᠷ᠂ ᠭᠤᠯᠲᠣᠷᠢᠯ ᠤᠨ ᠬᠠᠪᠢᠷᠭᠠᠨ ᠤ ᠬᠠᠵᠠᠭᠤ ᠲᠠᠯ᠎ᠠ ᠶᠢᠨ ᠵᠣᠵᠠᠭᠠᠨ ᠨᠢ 15  ᠮᠢᠯᠢᠮᠧᠲᠷ᠂ ᠬᠠᠪᠢᠷᠭᠠᠨ ᠤ ᠳᠡᠭᠡᠷ᠎ᠡ ᠳᠣᠣᠷᠠᠬᠢ ᠬᠠᠶᠢᠷᠴᠠᠭ ᠤᠨ ᠬᠡᠯᠪᠡᠷᠢ ᠲᠠᠢ ᠵᠠᠯᠭᠠᠭᠤᠷ ᠤᠨ ᠵᠤᠵᠠᠭᠠᠨ ᠤ ᠬᠡᠮᠵᠢᠶ᠎ᠡ ᠨᠢ ᠠᠳᠠᠯᠢ ᠦᠭᠡᠢ ᠪᠠᠶᠢᠵᠤ᠂ ᠳᠡᠭᠡᠷ᠎ᠡ ᠲᠠᠯ᠎ᠠ ᠶᠢᠨ ᠬᠢᠨᠢ 17.5  ᠰᠠᠨᠲ᠋ᠢᠮᠧᠲᠷ᠂ ᠳᠣᠣᠷ᠎ᠠ ᠲᠠᠯ᠎ᠠ ᠶᠢᠨ ᠬᠢᠨᠢ 35 ᠰᠠᠨᠲ᠋ᠢᠮᠧᠳ᠋ᠷ᠂ ᠭᠤᠯᠲᠣᠷᠢᠯ ᠪᠦᠷᠢ ᠬᠠᠪᠢᠷᠭ᠎ᠠ ᠶᠢᠨ ᠨᠣᠮᠣ ᠶᠢᠨ ᠤᠷᠲᠤ ᠨᠢ 91.6 ᠮᠧᠲᠷ ᠪᠣᠯᠣᠨ᠎ᠠ᠃ ᠪᠧᠲ᠋ᠣᠨ ᠤ ᠡᠵᠡᠯᠡᠭᠦᠨ ᠨᠢ 82.25 ᠪᠣᠰᠤᠭ᠎ᠠ ᠳᠦᠷᠪᠡᠯᠵᠢᠨ ᠮᠧᠳ᠋ᠷ᠂ ᠬᠦᠨᠳᠦ ᠨᠢ 205 ᠲᠣᠨ ᠪᠠᠶᠢᠳᠠᠭ᠃ ᠳᠦᠷᠪᠡᠨ ᠵᠣᠷᠪᠤᠰ ᠭᠤᠯᠲᠣᠷᠢᠯ ᠤᠨ ᠬᠠᠪᠢᠷᠭ᠎ᠠ ᠶᠢ ᠳᠡᠭᠦᠵᠢᠯᠡᠵᠦ ᠤᠭᠰᠠᠷᠠᠭᠰᠠᠨ ᠤ ᠳᠠᠷᠠᠭ᠎ᠠ᠂ 23 ᠵᠣᠷᠪᠤᠰ ᠬᠦᠨᠳᠡᠯᠡᠨ ᠲᠠᠰᠤᠯᠤᠪᠴᠢ ᠬᠠᠪᠲᠠᠰᠤ ᠪᠣᠯᠣᠨ 18 ᠵᠣᠷᠪᠤᠰ ᠬᠦᠨᠲᠠᠯᠠᠨ ᠨᠢᠷᠤᠭᠤ ᠶᠢ ᠴᠢᠳᠬᠤᠨ ᠪᠦᠬᠦᠯᠢ ᠴᠣᠭᠴᠠ ᠪᠣᠯᠭᠠᠵᠤ᠂ ᠭᠤᠣᠯ ᠭᠤᠯᠳᠤᠷᠢᠯ ᠴᠠᠭᠠᠷᠢᠭ ᠢ ᠪᠦᠷᠢᠯᠳᠦᠭᠦᠯᠪᠡ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ