ᠶᠬᠤᠤ ᠶᠡᠭᠡ ᠬᠦᠬᠦᠷᠭᠡ
ᠨᠡᠶᠢᠲᠡᠯᠡᠭᠰᠡᠨ ᠴᠠᠭ᠄
2024/3/28
    ᠲᠦᠩ ᠯᠢᠨ ᠵᠠᠰᠠᠮᠠᠯ ᠵᠠᠮ ᠤᠨ ᠺᠠᠶᠢᠯᠦ ᠠᠴᠠ ᠴᠢᠩ ᠡᠾᠤ ᠽᠢ ᠳᠤ ᠬᠦᠷᠬᠦ ᠬᠡᠰᠡᠭ ᠤᠨ ᠲᠤᠶᠢᠭ ᠭᠤᠣᠯ ᠳᠡᠭᠡᠷ᠎ᠡ ᠪᠠᠶᠢᠳᠠᠭ ᠲᠦᠭᠦᠮ ᠲᠣᠯᠭᠠᠭᠤᠷᠢ ᠪᠠᠷ ᠨᠢᠷᠣᠭᠤᠪᠴᠢᠯᠠᠨ ᠪᠣᠰᠬᠠᠬᠰᠡᠨ ᠵᠢᠭᠳᠡᠷᠡᠮᠡᠯ ᠲᠡᠪᠢᠰᠭᠡᠷᠲᠣ ᠬᠥᠭᠦᠷᠭᠡ ᠪᠣᠯᠣᠨ᠎ᠡ᠃ ᠤᠷᠲᠤ ᠨᠢ 138.7 ᠮᠧᠲᠷ᠂ ᠦᠷᠭᠡᠨ ᠨᠢ 6 ᠮᠧᠲᠷ ᠂ ᠬᠦᠨᠲᠣ ᠶᠢᠨ ᠲᠠᠭᠠᠭᠠᠴᠠ ᠨᠢ ᠮᠠᠰᠢᠨ ᠲᠡᠷᠭᠡ — 8 ᠲᠣᠨ᠂ ᠴᠢᠷᠦᠭᠦᠯ ᠲᠠᠢ ᠲᠡᠷᠭᠡ — 30 ᠲᠣᠠ᠃ ᠦᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭᠠᠨ ᠤ ᠬᠡᠯᠲᠡᠰ ᠤᠨ ᠬᠡᠮᠵᠢᠨ ᠵᠢᠷᠣᠬᠯᠠᠬᠤ ᠶᠡᠷᠦᠩᠬᠡᠢ ᠠᠩᠭᠢ ᠠᠴᠠ ᠵᠢᠷᠣᠬᠯᠠᠵᠦ᠂ ᠦᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭᠠᠨ ᠤ ᠬᠡᠯᠲᠡᠰ ᠤᠨ ᠪᠠᠷᠢᠯᠭ᠎ᠠ ᠶᠢᠨ ᠶᠡᠷᠦᠩᠭᠡᠢ ᠠᠩᠭᠢ ᠲᠠᠭᠠᠭᠠᠵᠦ᠂ 1954 ᠣᠨ ᠳᠤ ᠪᠠᠷᠢᠵᠦ ᠳᠠᠭᠤᠰᠬᠠᠪᠠ᠃ 1968 ᠣᠨ ᠳᠤ᠂ ᠲᠦᠩ ᠯᠢᠨ ᠱᠣᠭᠤᠮ ᠤᠨ ᠺᠠᠶᠢᠯᠦ ᠠᠴᠠ ᠴᠢᠩ ᠡᠾᠤ ᠽᠢ ᠬᠦᠷᠬᠦ ᠬᠡᠰᠡᠭ ᠤᠨ ᠵᠠᠮ ᠢ ᠦᠭᠡᠷᠡᠴᠢᠯᠡᠵᠦ᠂ ᠶᠬᠤᠤ ᠬᠦᠬᠦᠷᠭᠡ ᠶᠢᠨ ᠲᠣᠣᠷᠠᠲᠣ ᠣᠷᠣᠰᠬᠠᠯ ᠳᠤ ᠰᠢᠨ ᠺᠡᠢ ᠡᠾᠤ ᠬᠦᠬᠦᠷᠭᠡ ᠶᠢ ᠵᠠᠰᠠᠵᠦ᠂ ᠣᠣᠯ ᠵᠠᠮ ᠢ ᠶᠬᠤᠤ ᠬᠦᠬᠦᠷᠭᠡ ᠲᠠᠢ ᠨᠢ ᠬᠠᠮᠲᠣ ᠰᠢᠶᠠᠩ ᠤᠨ ᠲᠠᠰ ᠤᠨ ᠵᠠᠰᠠᠮᠠᠯ ᠵᠠᠮ ᠪᠣᠯᠭᠠᠪᠠ᠃ 1981 ᠣᠨ ᠳᠤ᠂ ᠤᠳᠠᠭᠠᠨ ᠵᠢᠯ ᠵᠠᠰᠠᠵᠤ ᠰᠡᠯᠪᠢᠭᠰᠡᠨ ᠦᠭᠡᠢ ᠠᠴᠠ ᠪᠣᠯᠵᠤ ᠶᠬᠤᠤ ᠬᠦᠬᠦᠷᠭᠡ ᠶᠢ ᠨᠣᠷᠠᠭᠠᠬᠰᠡᠨ ᠪᠠᠶᠢᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ