ᠶᠠᠨ ᠹᠠᠩ ᠯᠢᠨ
  
2024/4/15
ᠶᠠᠨ ᠹᠠᠩ ᠯᠢᠨ ( 1918-1946 )      ᠶᠠᠨ ᠹᠠᠩ ᠯᠢᠨ ᠂ ᠡᠷᠡᠭᠲᠡᠶ ᠂ ᠬᠢᠲᠠᠳ ᠦᠨᠳᠦᠰᠦᠲᠡᠨ᠂ ᠡᠾᠸᠪᠸᠢ ᠮᠤᠵᠢ ᠶᠢᠨ ᠫᠢᠡᠭ᠋ᠱᠠᠨ ᠰᠢᠶᠠᠨ ᠤ ᠬᠥᠮᠦᠨ ᠂ 1918ᠣᠨ ᠤ6 ᠰᠠᠷ᠎ᠠ ᠶᠢᠨ ᠡᠳᠦᠷ ᠳ᠋ᠦᠩ ᠪᠠᠶ ᠫᠦᠸ᠋ᠸ  ᠲᠣᠰᠬᠤᠨ ᠳᠤ ᠲᠥᠷᠥᠵᠡᠢ᠃ ᠶᠠᠫᠣᠨ ᠢ ᠡᠰᠡᠷᠭᠦᠴᠡᠬᠦ ᠳᠠᠢᠢᠨ ᠡᠭᠦᠰᠦᠭᠰᠡᠨ ᠦ ᠳᠠᠷᠠᠭ᠎ᠠ ᠂ ᠶᠠᠫᠣᠨ ᠢ ᠡᠰᠡᠷᠭᠦᠴᠡᠬᠦ ᠠᠵᠢᠯᠯᠠᠭ᠎ᠠ ᠳᠤ ᠢᠳᠡᠪᠬᠢᠲᠡᠶ ᠣᠷᠣᠯᠴᠠᠵᠤ ᠂ ᠭᠠᠴᠠᠭᠠᠨ ᠤ ᠶᠠᠫᠣᠨ ᠢ ᠡᠰᠡᠷᠭᠦᠴᠡᠬᠦ ᠪᠠᠭᠠᠴᠤᠳ ᠤᠨ ᠬᠣᠰᠢᠭᠤᠴᠢ ᠠᠩᠭᠢ ᠶᠢᠨ ᠠᠵᠢᠯ ᠢ ᠬᠠᠷᠢᠭᠤᠴᠠᠵᠤ ᠂ ᠦᠷᠭᠦᠯᠵᠢ ᠶᠠᠫᠣᠨ ᠢ ᠡᠰᠡᠷᠭᠦᠴᠡᠬᠦ ᠴᠡᠷᠢᠭ ᠳᠦ ᠵᠠᠬᠢᠳᠠᠯ ᠬᠦᠷᠭᠡᠬᠦ ᠵᠠᠮᠴᠢᠯᠠᠬᠤ ᠳᠠᠶᠢᠰᠤᠨ ᠤ ᠪᠠᠶᠢᠳᠠᠯ ᠢ ᠲᠠᠩᠨᠠᠨ ᠣᠶᠢᠯᠠᠭᠠᠬᠤ ᠵᠡᠷᠭᠡ ᠠᠵᠢᠯ ᠬᠢᠵᠦ ᠥᠭᠳᠡᠭ ᠪᠠᠶᠢᠵᠠᠢ ᠃ 1938 ᠣᠨ ᠤ ᠡᠪᠦᠯ ᠳᠤᠮᠳᠠᠳᠤ ᠤᠯᠤᠰ ᠤᠨ ᠡᠪ ᠬᠠᠮᠲᠤ ᠨᠠᠮ ᠳᠤ ᠡᠯᠰᠡᠭᠳᠡᠵᠦ ᠂ ᠤᠳᠠᠯ ᠦᠭᠡᠢ ᠰᠢᠶᠠᠨ ᠳᠦ ᠠᠵᠢᠯ ᠲᠣᠬᠢᠷᠠᠭᠤᠯᠤᠭᠰᠠᠨ ᠪᠠᠶᠢᠨ᠎ᠠ ᠃ ᠤᠷᠢᠳ ᠬᠣᠵᠢᠳ ᠰᠢᠶᠠᠨ ᠤ ᠵᠠᠯᠠᠭᠤᠴᠤᠳ ᠤᠨ ᠤᠯᠤᠰ ᠢᠶᠠᠨ ᠠᠪᠤᠷᠠᠬᠤ ᠡᠪᠯᠡᠯ ᠦᠨ ᠵᠣᠬᠢᠶᠠᠨ ᠪᠠᠶᠢᠭᠤᠯᠬᠤ ᠬᠡᠯᠲᠡᠰ ᠦᠨ ᠳᠠᠷᠤᠭ᠎ᠠ ᠂ ᠰᠢᠶᠠᠨ ᠤ ᠬᠣᠷᠰᠢᠶᠠᠨ ᠤ ᠡᠷᠬᠢᠯᠡᠭᠴᠢ ᠵᠡᠷᠭᠡ ᠲᠤᠰᠢᠶᠠᠯ ᠢ ᠡᠭᠦᠷᠭᠡᠯᠡᠵᠦ ᠪᠠᠶᠢᠵᠠᠶ ᠃ 1942 ᠣᠨ ᠳᠤ ᠶᠠᠫᠣᠨ ᠴᠡᠷᠢᠭ ᠳ᠋ᠦᠩ ᠪᠠᠶ ᠫᠦᠸ᠋ᠸ ᠲᠣᠰᠬᠤᠨ ᠳᠤ ᠨᠢᠭᠡ ᠤᠳᠠᠭ᠎ᠠ 30 ᠭᠠᠷᠤᠶ ᠬᠥᠮᠦᠰ ᠢ ᠫᠤᠤᠳᠠᠨ ᠠᠯᠠᠵᠤ ᠂ ᠶᠠᠨ ᠹᠠᠩ ᠯᠢᠨ ᠦ ᠬᠣᠶᠠᠷ ᠬᠠᠶᠠᠯᠢᠳ ᠠᠬ᠎ᠠ ᠨᠢ ᠬᠣᠣᠷᠯᠠᠭᠳᠠᠭᠰᠠᠨ ᠪᠠᠶᠢᠨ᠎ᠠ᠃ ᠲᠡᠷᠡ ᠡᠭᠦᠨ ᠡᠴᠡ ᠡᠬᠢᠯᠡᠵᠦ ᠨᠡᠩ ᠪᠠᠲᠤ ᠴᠢᠩᠭ᠎ᠠ ᠪᠡᠷ ᠶᠠᠫᠤᠨ ᠢ ᠡᠰᠡᠷᠭᠦᠴᠡᠵᠦ ᠂ ᠡᠴᠢᠭᠡ ᠂ ᠠᠬ᠎ᠠ ᠪᠡᠨ ᠳᠠᠶᠢᠴᠢᠯᠠᠵᠤ ᠶᠠᠫᠣᠨ ᠢ ᠡᠰᠡᠷᠭᠦᠴᠡᠬᠦ ᠲᠠᠢᠢᠨ ᠳᠦ ᠣᠷᠣᠯᠴᠠᠭᠤᠯᠤᠭᠰᠠᠨ ᠪᠥᠭᠡᠳ ᠴᠥᠮ ᠳᠤᠮᠳᠠᠳᠤ ᠤᠯᠤᠰ ᠤᠨ ᠡᠪ ᠬᠠᠮᠲᠤ ᠨᠠᠮ ᠳᠤ ᠤᠷᠤᠭᠰᠠᠨ ᠪᠠᠶᠢᠨ᠎ᠠ ᠃ 1945 ᠣᠨ ᠳᠤ ᠶᠠᠫᠣᠨ ᠪᠠᠭᠤᠵᠤ ᠥᠭᠭᠦᠭᠰᠡᠨ ᠦ ᠳᠠᠷᠠᠭ᠎ᠠ ᠂ ᠥᠪᠡᠷ ᠦᠨ ᠰᠠᠨᠠᠭᠠᠴᠢᠯᠠᠭ᠎ᠠ ᠠᠴᠠ ᠪᠠᠨ ᠵᠡᠭᠦᠨ ᠬᠣᠶᠢᠲᠤ ᠣᠷᠣᠨ ᠳᠤ ᠢᠷᠡᠵᠦ ᠠᠵᠢᠯᠯᠠᠭᠰᠠᠨ ᠪᠠᠶᠢᠨ᠎ᠠ᠃10 ᠰᠠᠷ᠎ᠠ ᠳᠤ ᠪᠣᠷᠣᠬᠣᠲᠠ ᠳᠤ ᠣᠩᠨᠢᠭᠤᠳ ᠬᠣᠰᠢᠭᠤᠨ ᠤ ᠬᠣᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠬᠣᠯᠪᠣᠭᠠᠲᠤ ᠬᠤᠷᠠᠯ ᠤᠨ ᠵᠣᠬᠢᠶᠠᠨ ᠪᠠᠶᠢᠭᠤᠯᠬᠤ ᠬᠡᠯᠲᠡᠰ ᠦᠨ ᠳᠠᠷᠤᠭ᠎ᠠ ᠶᠢᠨ ᠲᠤᠰᠢᠶᠠᠯ ᠢ ᠠᠩᠬ᠎ᠠ ᠡᠭᠦᠷᠭᠡᠯᠡᠵᠦ᠂ ᠰᠡᠭᠦᠯᠡᠷ ᠨᠢ ᠦᠳᠡ ᠶᠢᠨ ᠬᠤᠸᠠ  ᠲᠣᠭᠣᠷᠢᠭ ( ᠳᠥᠷᠪᠡᠳᠦᠭᠡᠷ ᠲᠣᠭᠣᠷᠢᠭ ) ᠤᠨ ᠳᠠᠷᠤᠭ᠎ᠠ ᠶᠢᠨ ᠲᠤᠰᠢᠶᠠᠯ ᠢ ᠬᠠᠷᠢᠭᠤᠴᠠᠪᠠ ᠃ ᠲᠡᠷᠡ ᠤᠯᠡᠨ ᠲᠦᠮᠡᠨ ᠢ ᠢᠳᠡᠪᠬᠢᠲᠡᠶ ᠲᠡᠢᠢᠴᠢᠯᠡᠨ ᠂ ᠢᠯᠭᠠᠷᠠᠭᠤᠯᠤᠨ ᠪᠤᠳᠤᠬᠤ ᠂ ᠡᠵᠡᠷᠬᠡᠬᠦ ᠦᠵᠡᠯ ᠢ ᠡᠰᠡᠷᠭᠦᠴᠡᠬᠦ ᠂ ᠬᠦᠦ ᠲᠦᠷᠢᠶᠡᠰᠦ ᠶᠢ ᠬᠥᠩᠭᠡᠯᠡᠬᠦ ᠲᠡᠮᠡᠴᠡᠯ  ᠥᠷᠨᠢᠭᠦᠯᠵᠡᠢ᠃ 1946 ᠣᠨ ᠤ ᠵᠤᠨ ᠂ ᠢᠯᠭᠠᠷᠠᠭᠤᠯᠤᠨ ᠪᠤᠳᠤᠬᠤ ᠡᠵᠡᠷᠬᠡᠬᠦ ᠦᠵᠡᠯ ᠢ ᠡᠰᠡᠷᠭᠦᠴᠡᠬᠦ ᠲᠡᠮᠡᠴᠡᠯ ᠥᠷᠨᠢᠯᠲᠡ ᠶᠢᠨ ᠦᠶ᠎ᠡ ᠳᠦ ᠣᠷᠣᠵᠤ ᠂ ᠠᠨᠭᠭᠢ ᠶᠢᠨ ᠵᠥᠷᠢᠴᠡᠯ ᠡᠳᠦᠷ ᠡᠴᠡ ᠡᠳᠦᠷ ᠬᠤᠷᠴᠠᠳᠴᠤ ᠂ 8 ᠰᠠᠷ᠎ᠠ ᠶᠢᠨ 17  ᠤ ᠰᠥᠨᠢ ᠂ ᠲᠤᠮᠤ ᠭᠠᠵᠠᠷ ᠤᠨ ᠡᠵᠡᠨ ᠵᠣᠣ ᠶᠦᠩ ᠱᠠᠨ 200 ᠭᠠᠷᠤᠶ ᠳᠡᠭᠡᠷᠡᠮ ᠲᠠᠢ ᠰᠦᠯᠪᠡᠭᠡᠯᠡᠵᠦ  ᠲᠣᠭᠣᠷᠢᠭ ᠤᠨ ᠠᠯᠪᠠᠨ  ᠤ ᠰᠠᠭᠤᠭ᠎ᠠ ᠰᠠᠩ ᠣᠪᠣᠭᠲᠤ ᠶᠢᠨ ᠶᠡᠬᠡ ᠬᠦᠷᠢᠶ᠎ᠡ ᠶᠢ ᠪᠦᠰᠡᠯᠡᠵᠡᠢ᠂  ᠶᠠᠨ ᠹᠠᠩ  ᠯᠢᠨ  ᠲᠣᠭᠣᠷᠢᠭ ᠤᠨ ᠨᠠᠮ ᠤᠨ ᠬᠣᠷᠢᠶᠠᠨ ᠤ ᠱᠦᠵᠢ ᠺᠠᠩ ᠵᠢᠶᠦ᠋ᠨ ᠶᠢᠩ ᠲᠠᠢ ᠬᠠᠮᠲᠤ ᠺᠠᠳ᠋ᠷ ᠂ ᠪᠠᠶᠢᠯᠳᠤᠭᠴᠢᠳ ᠢ ᠵᠣᠬᠢᠶᠠᠨ ᠪᠠᠶᠢᠭᠤᠯᠵᠤ ᠳᠠᠶᠢᠰᠤᠨ ᠲᠠᠶ ᠨᠢᠭᠡ ᠰᠥᠨᠢ ᠰᠢᠷᠦᠭᠦᠨ ᠪᠠᠶᠢᠯᠳᠤᠭᠠᠳ ᠥᠷᠯᠥᠭᠡ ᠡᠷᠲᠡ ᠪᠦᠰᠡᠯᠡᠯᠲᠡ ᠶᠢ ᠰᠢᠪᠲᠤᠯᠬᠤ ᠦᠶ᠎ᠡ ᠳᠦ ᠣᠯᠵᠠᠯᠠᠭᠳᠠᠵᠠᠶ ᠃ ᠳᠡᠭᠡᠷᠡᠮ ᠲᠡᠳᠡᠨ ᠢ ᠮᠣᠷᠢᠨ ᠤ ᠬᠦᠵᠦᠭᠦᠨ ᠳᠤ ᠬᠦᠯᠢᠵᠦ ᠳᠠᠪᠬᠢᠭᠤᠯᠬᠤ ᠶᠢᠨ ᠵᠡᠷᠭᠡᠪᠡᠷ ᠬᠠᠷ᠎ᠠ ᠬᠣᠣᠷᠲᠠᠢ ᠴᠣᠬᠢᠵᠠᠢ᠃ ᠳᠡᠭᠡᠷᠡᠮ ᠪᠠᠭᠤᠯᠭᠠᠵᠤ ᠠᠪᠬᠤ  ᠭᠡᠬᠦ ᠳᠦ ᠲᠡᠷᠡ ᠬᠣᠶᠠᠷ ᠳᠡᠭᠡᠷᠡᠮ ᠤᠨ ᠡᠰᠡᠷᠭᠦ ᠰᠢᠷᠦᠭᠦᠨ ᠦᠭᠡ ᠪᠡᠷ ᠬᠠᠷᠢᠶᠠᠨ ᠲᠡᠪᠴᠢᠵᠡᠢ᠃ ᠦᠳᠡ ᠶᠢᠨ ᠬᠣᠶᠢᠨ᠎ᠠ ᠳᠡᠭᠡᠷᠡᠮ ᠲᠡᠷᠡ ᠬᠣᠶᠠᠷ ᠢ ᠴᠥᠮ ᠪᠠᠭ᠎ᠠ ᠰᠢ ᠬᠤᠸᠠᠩ ᠲᠣᠰᠬᠣᠨ ᠤ ᠡᠮᠦᠨ᠎ᠡ ᠰᠢᠯᠢ ᠳᠤ ᠠᠪᠠᠴᠢᠪᠠ ᠂ ᠴᠠᠭᠠᠵᠠ ᠪᠠᠷ ᠠᠪᠠᠴᠢᠬᠤ ᠠᠴᠠ ᠡᠮᠦᠨ᠎ᠡ ᠂ ᠶᠠᠷᠭᠠᠴᠢᠨ ᠳᠡᠳᠡᠨ ᠢ  ᠰᠥᠭᠥᠳᠬᠡᠬᠦ ᠭᠡᠬᠦ ᠳᠦ᠂  ᠶᠠᠨ ᠹᠠᠩ ᠯᠢᠨ ᠭᠡᠨᠡᠳᠲᠡ ᠪᠡᠶ᠎ᠡ ᠡᠷᠭᠢᠨ ᠂ ᠳᠡᠭᠡᠷᠡᠮ ᠢ ᠥᠨᠳᠥᠷ ᠳᠠᠭᠤᠨ ᠢᠶᠠᠷ ᠬᠠᠷᠢᠶᠠᠵᠤ᠂ ᠪᠠᠭᠠᠲᠤᠷᠯᠢᠭ ᠢᠶᠠᠷ ᠪᠡᠶ᠎ᠡ ᠦᠷᠡᠭᠳᠡᠵᠡᠢ᠂ ᠲᠤᠬᠠᠢ ᠶᠢᠨ ᠵᠢᠯ 28 ᠨᠠᠰᠤᠲᠠᠶ ᠪᠠᠶᠢᠪᠠ ᠃  
          