| ᠠᠮᠤ ᠴᠡᠴᠡᠭ ᠲᠠᠷᠢᠭᠰᠠᠨ ᠪᠠ ᠬᠤᠤᠷ ᠲᠠᠲᠠᠵᠤ᠂ ᠬᠤᠤᠷ ᠠᠷᠠᠯᠵᠢᠶᠠᠯᠠᠭᠰᠠᠨ ᠨᠢ ᠴᠢᠩ ᠤᠯᠤᠰ ᠤᠨ ᠦᠶ᠎ᠡ ᠠᠴᠠ ᠡᠬᠢᠯᠡᠪᠡ᠃ ᠪᠠᠳᠠᠷᠠᠭᠤᠯᠲᠦ ᠲᠦᠷᠤ ᠶᠢᠨ | ᠰᠡᠭᠦᠯᠴᠢ ᠶᠢᠨ ᠵᠢᠯ ᠢᠶᠠᠷ ᠨᠢᠩᠴᠧᠩ ᠰᠢᠶᠠᠨ᠂ ᠬᠠᠷᠠᠴᠢᠨ ᠬᠤᠰᠢᠭᠤ᠂ ᠤᠯᠠᠭᠠᠨᠬᠠᠳᠠ ᠰᠢᠶᠠᠨ᠂ ᠠᠤᠬᠠᠨ ᠬᠤᠰᠢᠭᠤᠨ ᠤ ᠣᠷᠴᠢᠮ ᠪᠠ ᠬᠡᠰᠢᠭᠲᠡᠨ ᠬᠤᠰᠢᠭᠤ᠂ | ᠯᠢᠨᠰᠢ ᠰᠢᠶᠠᠨ ᠳᠤ ᠴᠦᠮ ᠠᠮᠤ ᠴᠡᠴᠡᠭ ᠲᠠᠷᠢᠵᠤ ᠪᠠᠶᠢᠵᠠᠢ᠃ | ᠴᠢᠩ ᠤᠯᠤᠰ ᠤᠨ ᠵᠠᠰᠠᠭ ᠤᠨ ᠭᠠᠵᠠᠷ ᠨᠢ ᠵᠠᠷᠯᠢᠭ ᠭᠠᠷᠭᠠᠨ ᠬᠠᠷ᠎ᠠ ᠲᠠᠮᠠᠬᠢ ᠶᠢ ᠴᠠᠭᠠᠵᠠᠯᠠᠵᠤ ᠪᠠᠶᠢᠪᠠ᠃ ᠪᠠᠳᠠᠷᠠᠭᠤᠯᠲᠤ ᠲᠥᠷᠥ ᠶᠢᠨ ᠭᠤᠴᠢᠨ ᠳᠦᠷᠪᠡᠳᠦᠭᠡᠷ | ᠣᠨ ︵1908︶ ᠳᠤ ᠤᠯᠠᠭᠠᠨᠬᠠᠳᠠ ᠶᠢᠨ ᠰᠢᠭᠤᠳ ᠬᠠᠷᠢᠶᠠᠲᠤ ᠵᠸᠦ ᠶᠢᠨ ᠠᠷᠠᠳ ᠤᠨ ᠳᠣᠮᠲᠠ ᠲᠠᠮᠠᠭᠢ ᠵᠣᠭᠰᠤᠭᠠᠬᠤ ᠶᠡᠷᠦᠩᠬᠡᠢ ᠡᠪᠯᠡᠯ ᠡᠬᠢᠯᠡᠨ | ᠪᠠᠶᠢᠭᠤᠯᠤᠭᠳᠠᠵᠤ᠂ ᠬᠡᠪᠲᠦ ᠶᠣᠰᠣᠲᠤ ᠶᠢᠨ ᠭᠤᠷᠪᠠᠳᠤᠭᠠᠷ ᠣᠨ ︵1911 ᠣᠨ︶ ᠪᠣᠯᠳᠠᠯ᠎ᠠ 700 ᠭᠠᠷᠤᠢ ᠬᠦᠮᠦᠨ ᠬᠤᠤᠷ ᠲᠠᠲᠠᠬᠤ ᠪᠠᠨ ᠵᠣᠭᠰᠤᠵᠠᠢ᠃ | ᠭᠡᠪᠡᠴᠦ ᠢᠯᠵᠠᠷᠠᠨ ᠳᠣᠷᠦ᠋ᠢᠲᠠᠭᠰᠠᠨ ᠴᠢᠩ ᠤᠨ ᠲᠥᠷᠥ ᠨᠢ ︽ᠣᠨᠴᠠ ᠲᠥᠷᠥᠯ ᠤᠨ ᠳᠠᠮᠠᠬᠢᠨ ᠭᠠᠶᠢᠯᠢ︾ ᠶᠢᠨ ᠮᠣᠨᠳᠠᠭ ᠶᠡᠭᠡ ᠠᠰᠢᠭ ᠣᠯᠵᠠᠪᠤᠷᠢ ᠶᠢᠨ ᠰᠢᠨᠤᠯ ᠳᠤ | ᠲᠠᠲᠠᠭᠲᠠᠬᠤ ᠪᠠ ᠡᠯ᠎ᠡ ᠱᠠᠲᠤᠨ ᠤ ᠨᠣᠶᠠᠳ ᠲᠦᠰᠢᠮᠡᠳ ᠠᠮᠢ ᠬᠤᠪᠢᠨ ᠳᠤ ᠪᠠᠨ ᠲᠠᠲᠠᠳᠠᠭ ᠠᠴᠠ ᠪᠣᠯᠵᠤ᠂ ᠪᠣᠲᠠᠲᠠᠢ ᠪᠠᠶᠢᠳᠠᠯ ᠨᠢ ︽ᠥᠩᠭᠡᠨ ᠳᠡᠭᠡᠷ᠎ᠡ ᠪᠠᠨ | ᠴᠠᠭᠠᠵᠠᠯᠠᠵᠤ ᠪᠠᠶᠢᠪᠠᠴᠦ ᠦᠨᠡᠨ ᠳᠤ ᠪᠠᠨ ᠴᠠᠭᠠᠵᠠᠯᠠᠬᠤ ᠦᠭᠡᠢ᠂ ᠳᠡᠭᠡᠷᠡᠬᠢ ᠨᠢ ᠬᠠᠰᠬᠢᠷᠴᠤ ᠪᠠᠶᠢᠪᠠᠴᠦ ᠳᠣᠣᠷᠠᠬᠢ ᠨᠢ ᠬᠡᠷᠡᠭᠵᠢᠭᠦᠯᠬᠦ ᠦᠭᠡᠢ︾ ᠪᠠᠶᠢᠵᠤ᠂ ᠠᠮᠤ | ᠴᠡᠴᠡᠭ ᠤᠨ ᠲᠠᠷᠢᠬᠤ ᠲᠠᠯᠠᠪᠠᠢ ᠪᠣᠯᠣᠨ ᠬᠤᠤᠷ ᠲᠠᠲᠠᠭᠴᠢᠳ ᠤᠨ ᠲᠤᠭ᠎ᠠ ᠴᠦᠮ ᠨᠡᠮᠡᠭᠳᠡᠭᠰᠡᠨ ᠠᠴᠠ ᠪᠢᠰᠢ ᠬᠠᠰᠤᠭᠳᠠᠭᠰᠠᠨ ᠦᠭᠡᠢ᠃ | 1913 ᠣᠨ ︵ᠢᠷᠭᠡᠨ ᠤᠯᠤᠰ ᠤᠨ 2 ᠣᠨ︶ ᠳᠤ ᠵᠢᠶᠠᠩ ᠬᠦᠢ ᠲᠢ᠂ ᠿᠧᠾᠧ ᠶᠢᠨ ᠳ᠋ᠦᠲ᠋ᠦ᠋ᠩ ᠪᠣᠯᠣᠬᠰᠡᠨ ᠠᠴᠠ ᠰᠡᠭᠦᠯᠡᠷ ᠿᠧᠾᠧ ᠳᠤ ᠠᠮᠤ ᠴᠡᠴᠡᠭ | ᠲᠠᠷᠢᠬᠤ ᠶᠢ ᠵᠦᠪᠰᠢᠶᠡᠷᠡᠪᠡ᠃ 1926 ᠣᠨ ︵ᠢᠷᠭᠡᠨ ᠤᠯᠤᠰ ᠤᠨ 15 ᠣᠨ︶ ᠳᠤ ᠲᠠᠩ ᠢᠥᠢ ᠯᠢᠨ᠂ ᠿᠧᠾᠧ ᠳᠤ ᠡᠷᠬᠡ ᠠᠳᠬᠤᠵᠤ ᠪᠠᠶᠢᠭᠰᠠᠨ | ᠬᠤᠭᠤᠴᠠᠭᠠᠨ ᠳᠤ ᠬᠠᠷ᠎ᠠ ᠲᠠᠮᠠᠭᠢ ᠶᠢ ᠳᠤᠷ᠎ᠠ ᠪᠠᠷ ᠨᠢ ᠲᠠᠯᠪᠢᠵᠦ᠂ ᠠᠮᠤ ᠴᠡᠴᠡᠭ ᠤᠨ ᠲᠠᠷᠢᠬᠤ ᠲᠠᠯᠠᠪᠠᠢ ᠡᠳᠦᠷ ᠢᠷᠡᠬᠦᠶ᠎ᠡ ᠥᠷᠭᠡᠳᠴᠦ᠂ ᠬᠤᠤᠷ ᠲᠠᠲᠠᠭᠴᠢᠳ ᠴᠦ | ᠲᠠᠰᠤᠷᠠᠯᠲᠠ ᠦᠭᠡᠢ ᠨᠡᠮᠡᠭᠳᠡᠪᠡ᠃ ᠵᠦᠪᠬᠡᠨ ᠤᠯᠠᠭᠠᠨᠬᠠᠳᠠ ᠰᠢᠶᠠᠨ ᠳᠤ ᠬᠠᠷ᠎ᠠ ᠲᠠᠮᠠᠭᠢ ᠲᠠᠲᠠᠭᠴᠢᠳ ᠲᠦᠮᠠ ᠭᠠᠷᠤᠢ ᠬᠦᠮᠦᠨ ᠪᠠᠶᠢᠵᠠᠢ᠃ ᠲᠣᠬᠠᠢ ᠶᠢᠨ ᠦᠶ᠎ᠡ ᠶᠢᠨ | ᠤᠯᠠᠭᠠᠨᠬᠠᠳᠠ ᠵᠡᠭᠡᠯᠢ ᠳᠤ ᠬᠠᠷ᠎ᠠ ᠲᠠᠮᠠᠭᠢᠨ ᠫᠦᠰᠡ 39 ᠪᠠᠶᠢᠵᠤ᠂ ᠳᠠᠲᠠᠵᠦ ᠬᠠᠳᠬᠤᠭᠰᠠᠳ ᠤᠨ ᠣᠯᠠᠩᠬᠢ ᠨᠢ ᠴᠡᠷᠢᠭ ᠴᠠᠭᠳᠠᠭ᠎ᠠ᠂ ᠲᠠᠩᠬᠠᠶ ᠯᠦᠢᠪᠡᠷᠴᠢᠳ᠂ | ᠮᠦᠷᠦᠢ ᠲᠠᠯᠪᠢᠭᠴᠢ᠂ ᠨᠠᠭᠠᠳᠤᠮ ᠤᠨ ᠭᠤᠸᠠᠩᠭᠠᠨ ᠵᠡᠷᠭᠡ ᠬᠦᠮᠦᠰ ᠪᠠᠶᠢᠪᠠ᠃ | 1933 ᠣᠨ ︵ᠬᠠᠭᠤᠷᠮᠠᠭ ᠮᠠᠨᠵᠤ ᠶᠢᠨ ᠳ᠋ᠠ ᠲᠦᠩ ᠤᠨ 2 ᠣᠨ︶ ᠳᠤ ᠶᠠᠫᠣᠨ ᠳᠦᠷᠢᠮᠡᠬᠡᠶᠢᠯᠡᠭᠰᠡᠨ ᠠᠴᠠ ᠰᠡᠭᠦᠯᠡᠷ ᠤᠯᠠᠭᠠᠨᠬᠠᠳᠠ ᠣᠷᠣᠨ ᠢ ᠮᠦᠨ ᠠᠮᠤ | ᠴᠡᠴᠡᠭ ᠲᠠᠷᠢᠬᠤ ᠭᠤᠣᠯᠳᠠᠯᠭ᠎ᠠ ᠲᠠᠢ ᠣᠷᠣᠨ ᠪᠣᠯᠭᠠᠵᠤ᠂ ᠠᠮᠤ ᠴᠡᠴᠡᠭ ᠤᠨ ᠲᠠᠷᠢᠬᠤ ᠲᠠᠯᠠᠪᠠᠢ ᠶᠡᠬᠡᠪᠡᠷ ᠨᠡᠮᠡᠭᠳᠡᠪᠡ᠃ ᠤᠯᠠᠭᠠᠨᠬᠠᠳᠠ ᠶᠢᠨ ᠵᠡᠭᠡᠯᠢ ᠭᠤᠳᠤᠮᠵᠢ ᠳᠤ ︽ | ᠴᠡᠪᠡᠷ ᠤᠰᠤᠨ ᠤ ᠬᠠᠷ᠎ᠠ ᠲᠠᠮᠠᠭᠢᠨ ᠫᠣᠣᠽᠢ︾᠂ ︽ᠬᠠᠷ᠎ᠠ ᠲᠠᠮᠠᠭᠢᠨ ᠫᠣᠣᠽᠢ ᠬᠤᠳᠠᠯᠳᠤᠨ ᠠᠪᠠᠴᠢᠬᠰᠠᠳ ᠲᠤ ᠢᠯᠡᠭᠦᠦ ᠨᠡᠮᠡᠵᠦ ᠦᠭᠭᠦᠨ᠎ᠡ︾ ᠭᠡᠬᠦ ᠫᠠᠶᠢᠵᠨ | ᠢᠯᠡᠷᠬᠡᠶᠢᠯᠡᠯ ᠲᠠᠢ ᠬᠤᠪᠢ ᠬᠦᠮᠦᠨ ᠤ ᠬᠠᠷ᠎ᠠ ᠲᠠᠮᠠᠭᠢᠨ ᠫᠦᠰᠠ ᠭᠠᠵᠠᠷ ᠰᠠᠢ ᠦᠭᠡᠢ ᠬᠠᠷᠠᠭᠳᠠᠳᠠᠭ ᠪᠠᠶᠢᠵᠠᠢ᠃ ᠬᠤᠵᠢᠮ ᠨᠢ ᠪᠠᠰᠠ ᠠᠯᠪᠠᠨ ᠠᠴᠠ ᠡᠷᠬᠢᠯᠡᠭᠰᠡᠨ ︽ | ᠬᠠᠷ᠎ᠠ ᠲᠠᠮᠠᠭᠢ ᠵᠢᠵᠢᠭᠯᠡᠨ ᠬᠤᠳᠠᠯᠳᠤᠬᠤ ᠲᠡᠯᠭᠡᠬᠦᠷ︾ ᠭᠠᠷᠴᠦ ᠲᠡᠮᠳᠡᠭ ᠣᠯᠭᠤᠨ ᠬᠠᠩᠭᠠᠵᠤ ᠪᠠᠶᠢᠪᠠ᠃ ᠴᠢᠯᠦᠭᠡᠯᠡᠭᠳᠡᠬᠦ ᠠᠴᠠ ᠡᠮᠦᠨᠡᠬᠡᠨ ᠪᠣᠯᠳᠠᠯ᠎ᠠ | ᠤᠯᠠᠭᠠᠨᠬᠠᠳᠠ ᠶᠢᠨ ᠵᠡᠭᠡᠯᠢ ᠳᠣᠲᠣᠷᠠᠬᠢ ᠲᠠᠮᠠᠭᠢᠴᠢᠠ ᠨᠢ ᠪᠦᠬᠦ ᠬᠦᠮᠦᠨ ᠠᠮᠠ ᠶᠢᠨ 6% ᠠᠴᠠ ᠳᠡᠭᠡᠭᠰᠢᠬᠢ ᠶᠢ ᠡᠵᠡᠯᠡᠵᠦ᠂ ᠬᠥᠳᠡᠭᠡ ᠲᠤᠰᠬᠤᠨ ᠳᠤ ᠬᠤᠤᠷ | ᠲᠠᠲᠠᠵᠤ ᠬᠠᠳᠬᠤᠬᠤ ᠪᠠᠶᠢᠳᠠᠯ ᠨᠡᠩ ᠴᠤ ᠬᠡᠴᠡᠭᠦᠦ ᠪᠠᠶᠢᠪᠠ᠃ ᠬᠠᠷ᠎ᠠ ᠲᠠᠮᠠᠭᠢ ᠲᠠᠲᠠᠭᠴᠢᠳ ᠡᠳ᠋ ᠬᠤᠭᠰᠢᠯ ᠢᠶᠠᠨ ᠳᠠᠨᠵᠢᠯᠠᠨ ᠡᠬᠡᠨᠡᠷ ᠬᠡᠣᠬᠡᠳ ᠢᠶᠠᠨ | ᠬᠤᠳᠠᠯᠳᠤᠬᠤ ᠠᠴᠠ ᠪᠤᠴᠠᠬᠤ ᠦᠭᠡᠢ᠂ ᠡᠷᠦᠬᠡ ᠭᠡᠷ ᠪᠣᠲᠠᠷᠠᠨ ᠰᠠᠷᠨᠢᠵᠤ ᠪᠠᠶᠢᠵᠠᠢ᠃ | ᠠᠷᠠᠳ ᠤᠨ ᠵᠠᠰᠠᠭ ᠪᠠᠶᠢᠭᠤᠯᠤᠭᠳᠠᠭᠰᠠᠨ ᠠᠴᠠ ᠰᠡᠭᠦᠯᠡᠷ᠂ ᠠᠷᠠᠳ ᠲᠦᠮᠡᠨ ᠳᠤ ᠤᠴᠠᠷᠠᠭᠤᠯᠤᠭᠰᠠᠨ ᠬᠠᠷ᠎ᠠ ᠲᠠᠮᠠᠭᠢᠨ ᠤ ᠬᠤᠣᠷ ᠬᠦᠨᠦᠭᠡᠯ ᠢ ᠦᠨᠳᠦᠰᠦᠨ ᠠᠴᠠ ᠨᠢ | ᠠᠷᠢᠯᠭᠠᠬᠤ ᠶᠢᠨ ᠲᠦᠯᠦᠭᠡ᠂ ᠠᠶᠢᠮᠠᠭ ᠪᠣᠯᠣᠨ ᠡᠯ᠎ᠡ ᠬᠤᠰᠢᠭᠤ ᠰᠢᠶᠠᠨ ᠤ ᠠᠷᠠᠳ ᠤᠨ ᠵᠠᠰᠠᠭ ᠤᠨ ᠣᠷᠳᠤᠨ ᠨᠢ ᠬᠠᠷ᠎ᠠ ᠲᠠᠮᠠᠭᠢ ᠴᠠᠭᠠᠵᠠᠯᠠᠬᠤ ᠵᠠᠷᠯᠠᠯ ᠢ ᠤᠯᠠᠨ | ᠤᠳᠠᠭ᠎ᠠ ᠨᠡᠶᠢᠲᠡᠯᠡᠵᠦ᠂ ᠠᠮᠤ ᠴᠡᠴᠡᠭ ᠲᠠᠷᠢᠬᠤ ᠶᠢ ᠴᠢᠩᠭ᠎ᠠ ᠴᠠᠭᠠᠵᠠᠯᠠᠬᠤ ᠶᠢᠨ ᠵᠡᠷᠭᠡ ᠬᠤᠳᠠ ᠪᠠᠯᠭᠠᠰᠤᠨ ᠳᠤ ᠬᠤᠤᠷ ᠠᠷᠠᠯᠵᠢᠶᠠᠯᠠᠬᠤ ᠠᠵᠢᠯᠯᠠᠭ᠎ᠠ ᠳᠤ ᠴᠣᠬᠢᠯᠲᠠ | ᠥᠭᠴᠦ᠂ ᠬᠠᠷ᠎ᠠ ᠲᠠᠮᠠᠭᠢᠨ ᠫᠦᠰᠠ ᠶᠢ ᠴᠠᠭᠠᠵᠠᠯᠠᠨ᠂ ᠬᠤᠤᠷ ᠪᠣᠯᠣᠨ ᠬᠤᠤᠷ ᠲᠠᠲᠠᠬᠤ ᠪᠠᠭᠠᠵᠢ ᠬᠡᠷᠡᠭᠰᠡᠯ ᠢ ᠬᠤᠷᠢᠶᠠᠮᠵᠢᠯᠠᠨ ᠠᠪᠴᠦ᠂ ᠲᠠᠮᠠᠭᠢ ᠴᠡᠭᠡᠷᠯᠡᠬᠦ ᠶᠢ | ᠤᠷᠢᠶᠠᠯᠠᠪᠠ᠃ 1949 ᠣᠨ ᠤ ᠵᠢᠯ ᠤᠨ ᠡᠴᠦᠰ ᠪᠣᠯᠬᠤ ᠳᠤ᠂ ᠡᠯ᠎ᠡ ᠬᠤᠰᠢᠭᠤ ᠰᠢᠶᠠᠨ ᠳᠤ ᠬᠠᠷ᠎ᠠ ᠲᠠᠮᠠᠭᠢ ᠴᠠᠭᠠᠵᠠᠯᠠᠬᠤ ᠵᠦᠪᠯᠡᠯ ᠪᠣᠶᠤ ᠬᠠᠷ᠎ᠠ ᠲᠠᠮᠠᠭᠢ | ᠴᠠᠭᠠᠵᠠᠯᠠᠬᠤ ᠲᠣᠪᠴᠢᠶ᠎ᠠ ︵ᠰᠠᠯᠪᠤᠷᠢ︶ ᠶᠢ ᠵᠠᠯᠭᠠᠭ᠎ᠠ ᠪᠠᠷ ᠪᠠᠶᠢᠭᠤᠯᠵᠤ᠂ ᠬᠤᠤᠷ ᠲᠠᠲᠠᠭᠴᠢᠳ ᠢ ᠲᠦᠪᠯᠡᠷᠡᠭᠦᠯᠦᠨ ᠰᠤᠷᠤᠯᠴᠠᠭᠤᠯᠬᠤ ᠶᠢᠨ ᠵᠡᠷᠭᠡ ᠪᠠᠷ ᠬᠠᠷ᠎ᠠ | ᠲᠠᠮᠠᠭᠢ ᠴᠡᠭᠡᠷᠯᠡᠭᠦᠯᠵᠦ᠂ ᠡᠯ᠎ᠡ ᠱᠠᠲᠤᠨ ᠤ ᠵᠣᠬᠢᠶᠠᠨ ᠪᠠᠶᠢᠭᠤᠯᠤᠯᠲᠠ ᠳᠤ ᠲᠦᠰᠢᠭᠯᠡᠨ᠂ ᠬᠠᠷ᠎ᠠ ᠲᠠᠮᠠᠭᠢ ᠴᠠᠭᠠᠵᠠᠯᠠᠵᠤ ᠬᠤᠣᠷ ᠲᠠᠲᠠᠬᠤ ᠶᠢ ᠵᠣᠬᠰᠣᠭᠠᠬᠤ ᠠᠵᠢᠯ ᠢ | ᠦᠷᠨᠢᠭᠦᠯᠵᠡᠢ᠃ 1948 ᠣᠨ ᠤ ᠬᠠᠪᠤᠷ ᠪᠣᠯᠬᠤ ᠳᠤ ᠪᠦᠬᠦ ᠠᠶᠢᠮᠠᠭ ᠲᠤ ᠬᠠᠷ᠎ᠠ ᠲᠠᠮᠠᠭᠢ ᠴᠡᠭᠡᠷᠯᠡᠬᠦ ᠭᠠᠵᠠᠷ ᠢ 1 200 ᠭᠠᠷᠤᠢ ᠪᠠᠶᠢᠭᠤᠯᠪᠠ᠂ ᠡᠭᠦᠨ ᠳᠤ | ᠣᠣᠯ ᠤᠨ ᠤᠯᠠᠭᠠᠨᠬᠠᠳᠠ ᠬᠤᠲᠠ ᠳᠤ 22 ᠶᠢ ᠪᠠᠶᠢᠭᠤᠯᠤᠨ᠂ 1293 ᠨᠡᠷ᠎ᠡ ᠬᠠᠷ᠎ᠠ ᠲᠠᠮᠠᠭᠢ ᠲᠠᠲᠠᠭᠴᠢᠳ ᠢ ᠬᠤᠷᠢᠶᠠᠮᠵᠢᠯᠠᠪᠠ᠃ ᠣᠩᠨᠢᠭᠤᠳ ᠠᠤᠬᠠᠨ ᠤ | ᠬᠤᠯᠪᠤᠭᠠᠲᠤ ᠬᠤᠰᠢᠭᠤ ᠪᠣᠯᠣᠨ ᠪᠣᠷᠣᠬᠤᠲᠠ ᠰᠢᠶᠠᠨ ᠨᠢ 9800 ᠭᠠᠷᠤᠢ ᠬᠠᠷ᠎ᠠ ᠲᠠᠮᠠᠭᠢ ᠲᠠᠲᠠᠭᠴᠢᠳ ᠢ ᠥᠭᠡᠷᠡᠴᠢᠯᠡᠨ ᠠᠪᠴᠦ᠂ ᠠᠤᠬᠠᠨ ᠬᠤᠰᠢᠭᠤᠨ ᠳᠤ | 4577 ᠬᠦᠮᠦᠨ ᠬᠠᠷ᠎ᠠ ᠲᠠᠮᠠᠭᠢᠨ ᠰᠢᠨᠤᠯ ᠠᠴᠠ ᠪᠦᠷᠢᠮᠦᠰᠦᠨ ᠠᠩᠭᠢᠵᠢᠷᠠᠪᠠ᠃ 1949 ᠣᠨ ᠳᠤ ᠵᠤᠤ ᠤᠳᠠ ᠠᠶᠢᠮᠠᠭ ᠤᠨ ᠡᠮᠦᠨ᠎ᠡ ᠬᠤᠶᠢᠨ᠎ᠠ ᠡᠯ᠎ᠡ ᠬᠤᠰᠢᠭᠤ | ᠰᠢᠶᠠᠨ ᠳᠤ ᠬᠠᠷ᠎ᠠ ᠲᠠᠮᠠᠭᠢ ᠲᠠᠲᠠᠭᠴᠢᠳ 77382 ᠬᠦᠮᠦᠨ ᠪᠠᠶᠢᠵᠤ᠂ ᠪᠦᠬᠦ ᠬᠦᠮᠦᠨ ᠠᠮᠠ ᠶᠢᠨ 4.75% ᠶᠢ ᠡᠵᠡᠯᠡᠵᠦ ᠪᠠᠶᠢᠭᠰᠠᠨ ᠢᠶᠠᠨ ᠰᠤᠷᠭᠠᠨ | ᠬᠦᠮᠦᠵᠢᠭᠦᠯᠦᠨ ᠥᠭᠡᠷᠡᠴᠢᠯᠡᠬᠦ ᠪᠠᠷ ᠳᠠᠮᠵᠢᠭᠠᠳ 48929 ᠬᠦᠮᠦᠨ ᠬᠠᠷ᠎ᠠ ᠲᠠᠮᠠᠭᠢᠨ ᠰᠢᠨᠣᠯ ᠢᠶᠠᠨ ᠣᠷᠬᠢᠵᠤ᠂ ᠪᠠᠷᠤᠭ ᠬᠠᠷ᠎ᠠ ᠲᠠᠮᠠᠭᠢ ᠲᠠᠲᠠᠭᠴᠢᠳ ᠤᠨ ᠶᠡᠷᠦᠩᠬᠡᠢ | ᠲᠣᠭᠠᠨ ᠤ 63% ᠶᠢ ᠡᠵᠡᠯᠡᠵᠡᠢ᠃ | | | | | | | |