ᠬᠤᠩ ᠮᠢᠶᠣᠤ ᠶᠡᠭᠡ ᠬᠦᠬᠦᠷᠭᠡ
ᠨᠡᠶᠢᠲᠡᠯᠡᠭᠰᠡᠨ ᠴᠠᠭ᠄
2024/4/28
    ᠬᠤᠩ ᠮᠢᠶᠤᠤ ᠶᠡᠭᠡ ᠬᠦᠬᠦᠷᠭᠡ ︵ᠯᠤᠤᠬ᠎ᠠ ᠶᠢᠨ ᠭᠤᠣᠯ ᠤᠨ ᠶᠡᠭᠡ ᠬᠦᠬᠦᠷᠭᠡ︶ ᠨᠢ ᠨᠢᠩᠴᠧᠩ ᠰᠢᠶᠠᠨ ᠤ ᠲᠢᠶᠠᠨ ᠢ ᠠᠴᠠ ᠳ᠋ᠠ ᠮᠢᠩ ᠴᠧᠩ ᠬᠦᠷᠬᠦ ᠬᠡᠰᠡᠭ ᠲᠤ ᠲᠢᠶᠠᠨ ᠢ ᠪᠠᠯᠭᠠᠰᠤ ᠠᠴᠠ 12.5  ᠺᠢᠯᠣᠮᠧᠲᠷ ᠵᠠᠢ ᠲᠠᠢ ᠯᠣᠤᠬ᠎ᠠ ᠶᠢᠨ ᠭᠤᠣᠯ ᠳᠡᠭᠡᠷ᠎ᠡ ᠪᠠᠶᠢᠳᠠᠭ᠃ ᠬᠦᠬᠦᠷᠭᠡ ᠶᠢᠨ ᠪᠦᠲᠦᠴᠠ ᠨᠢ᠄ ᠳᠡᠭᠡᠷ᠎ᠡ ᠪᠡᠶ᠎ᠡ ᠨᠢ 6 ᠭᠤᠯᠳᠤᠷᠢᠯ ᠲᠠᠢ 15 ᠮᠧᠲᠷ ᠤᠨ ᠬᠥᠩᠭᠠᠷᠠᠪᠠ ᠮᠠᠶ᠋ᠢᠭ ᠤᠨ ᠬᠦᠨᠳᠠᠯᠠᠨ ᠨᠢᠷᠣᠭᠤᠪᠴᠢ ᠵᠢᠶᠠᠵᠠ ᠪᠣᠯᠣᠨ 23 ᠭᠤᠯᠳᠤᠷᠢᠯ ᠲᠠᠢ 5 ᠮᠧᠲᠷ  ᠤᠨ ᠳᠦᠭᠦᠮ ᠲᠣᠯᠭᠠᠭᠤᠷᠲᠤ ᠮᠣᠳᠣᠨ ᠬᠦᠭᠦᠷᠭᠡ ᠪᠣᠯᠣᠨ᠎ᠡ᠃ ᠬᠦᠭᠦᠷᠭᠡ ᠶᠢᠨ ᠳᠣᠣᠷ᠎ᠠ ᠬᠡᠰᠡᠭ ᠨᠢ ᠳᠠᠩ ᠮᠦᠷ ᠢᠶᠠᠷ ᠪᠤᠰᠬᠠᠭᠰᠠᠨ ᠪᠠᠭᠠᠨ᠎ᠠ ᠪᠣᠯᠣᠨ ᠬᠠᠶᠢᠷᠴᠠᠭᠯᠠᠨ ᠪᠣᠰᠬᠠᠭᠰᠠᠨ ᠪᠠᠭᠠᠨ᠎ᠠ ᠬᠤᠶᠠᠷ ᠲᠥᠷᠥᠯ ᠪᠣᠯᠣᠨ᠎ᠠ᠃ ᠪᠦᠬᠦ ᠤᠷᠲᠤ ᠨᠢ 242.68 ᠮᠧᠲᠷ ᠂ ᠬᠦᠭᠦᠷᠭᠡᠨ ᠳᠡᠭᠡᠷᠡᠬᠢ ᠴᠡᠪᠡᠷ ᠥᠷᠭᠡᠨ ᠨᠢ 4.5 ᠮᠧᠲᠷ ᠂ ᠭᠠᠭᠴᠠ ᠲᠡᠷᠭᠡ ᠥᠩᠭᠡᠷᠡᠬᠦ ᠵᠠᠮ ᠪᠣᠯᠣᠨ᠎ᠡ᠃ ᠪᠠᠷᠢᠮᠵᠢᠶ᠎ᠠ ᠳᠠᠭᠠᠭᠠᠴᠠ ᠨᠢ ᠮᠠᠰᠢᠨ ᠲᠡᠷᠭᠡ — 8 ᠲᠣᠨ᠂ ᠴᠢᠷᠦᠭᠦᠯ ᠲᠠᠢ ᠲᠡᠷᠭᠡ — 30 ᠲᠣᠠ᠃ 1961 ᠣᠨ ᠳᠤ ᠪᠠᠶᠢᠭᠤᠯᠤᠨ ᠲᠡᠷᠭᠡ ᠨᠡᠪᠲᠡᠷᠡᠵᠡᠢ᠃ 1962 ᠣᠨ ᠳᠤ 6 ᠭᠤᠯᠳᠤᠷᠢᠯ ᠤᠨ ᠨᠢᠷᠤᠭᠤᠪᠴᠢ ᠵᠢᠶᠠᠵᠨ ᠨᠢ ᠦᠶᠡᠷ ᠲᠤ ᠤᠷᠤᠰᠴᠦ᠂ 1963 ᠣᠨ ᠳᠤ ᠰᠡᠷᠭᠦᠭᠡᠨ ᠵᠠᠰᠠᠪᠠ᠃ 1972 ᠣᠨ ᠳᠤ ᠲᠣᠰ ᠬᠦᠭᠦᠷᠭᠡ ᠠᠴᠠ 25 ᠮᠧᠲᠷ  ᠵᠠᠶᠢᠲᠠᠢ ᠳᠣᠣᠷ᠎ᠠ ᠤᠷᠤᠰᠬᠠᠯ ᠳᠤ ᠪᠣᠯᠣᠳ ᠪᠧᠲ᠋ᠤᠨ ᠢᠶᠠᠷ ᠬᠤᠣᠰ ᠮᠣᠷᠣᠢ ᠭᠤᠯᠲᠣᠩ ᠲᠠᠢ ᠬᠦᠭᠦᠷᠭᠡ ᠪᠠᠶᠢᠭᠤᠯᠤᠭᠰᠠᠨ ᠠᠴᠠ ᠰᠡᠭᠦᠯᠡᠷ ᠬᠤᠩ ᠮᠢᠶᠣᠤ ᠶᠡᠭᠡ ᠬᠦᠬᠦᠷᠭᠡ ᠶᠢ ᠨᠤᠷᠠᠭᠠᠭᠰᠠᠨ ᠪᠠᠶᠢᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ