ᠮᠥᠩᠬᠡᠥ᠌ᠯᠵᠡᠢ
ᠨᠡᠶᠢᠲᠡᠯᠡᠭᠰᠡᠨ ᠴᠠᠭ᠄
2024/5/25
ᠮᠥᠩᠬᠡᠥ᠌ᠯᠵᠡᠢ ( 1916-1946 )      ᠮᠥᠩᠬᠡᠥ᠌ᠯᠵᠡᠢ ᠂ ᠮᠣᠩᠭᠣᠯ ᠦᠨᠳᠦᠰᠦᠲᠡᠨ ᠂ 1916 ᠣᠨ ᠳᠤ ᠲᠦᠷᠦᠪᠠ ᠂ ᠯᠢᠶᠣᠤᠨᠢᠩ ᠮᠤᠵᠢ ᠶᠢᠨ ᠹᠦᠰᠢᠨ ᠤ ᠮᠣᠩᠭᠣᠯ ᠦᠨᠳᠦᠰᠦᠲᠡᠨ ᠦ ᠥᠪᠡᠷᠲᠡᠭᠡᠨ ᠵᠠᠰᠠᠬᠤ ᠰᠢᠶᠠᠨ ᠤ ᠬᠥᠮᠦᠨ ᠃ ᠭᠠᠷᠤᠯ ᠶᠠᠳᠠᠭᠤ᠃ ᠡᠴᠢᠭᠡ ᠶᠢᠨ ᠬᠢᠨᠢ ᠨᠡᠷ᠎ᠡ ᠪᠤᠶᠠᠨᠬᠤᠷᠢᠶᠠᠭᠴᠢ᠂ ᠦᠶ᠎ᠡ ᠤᠯᠠᠷᠢᠨ ᠲᠠᠷᠢᠶᠠᠨ ᠠᠵᠢᠯ ᠬᠢᠳᠡᠭ ᠪᠠᠶᠢᠪᠠ᠃ ᠮᠥᠩᠬᠡᠥ᠌ᠯᠵᠡᠢ ᠪᠠᠭ᠎ᠠ ᠠᠴᠠ ᠪᠠᠨ ᠡᠴᠢᠭᠡ ᠪᠠᠨ ᠳᠠᠭᠠᠵᠤ ᠲᠠᠷᠢᠶᠠᠯᠠᠬᠤ ᠠᠵᠢᠯ ᠬᠢᠵᠦ ᠂ 14 ᠨᠠᠰᠤᠲᠠᠶ ᠳᠠᠭᠠᠨ ᠮᠣᠩᠭᠣᠯ ᠬᠢᠲᠠᠳ ᠭᠡᠷ ᠦᠨ ᠰᠤᠷᠭᠠᠭᠤᠯᠢ ᠳᠤ ᠰᠠᠭᠤᠵᠤ ᠂ ᠬᠣᠶᠠᠷ ᠵᠢᠯ ᠦᠨ ᠳᠠᠷᠠᠭ᠎ᠠ ᠴᠢᠴᠢᠬᠠᠷ ᠤᠨ ᠮᠣᠩᠭᠣᠯ ᠦᠨᠳᠦᠰᠦᠲᠡᠨ ᠦ ᠪᠠᠭᠰᠢ ᠶᠢᠨ ᠰᠤᠷᠭᠠᠭᠤᠯᠢ ᠳᠤ ᠰᠢᠯᠭᠠᠨ ᠣᠷᠣᠵᠤ ᠂ 1934 ᠣᠨ ᠳᠤ ᠲᠡᠭᠦᠰᠴᠡᠶ ᠃ ᠮᠥᠩᠬᠡᠥ᠌ᠯᠵᠡᠢ ᠦᠨᠳᠦᠰᠦᠲᠡᠨ ᠦ ᠰᠤᠷᠭᠠᠨ ᠬᠥᠮᠦᠵᠢᠯ ᠡᠷᠬᠢᠯᠡᠬᠦ ᠪᠠᠷ ᠵᠣᠷᠢᠭ ᠰᠢᠭᠤᠳᠤᠨ ᠪᠠᠭᠠᠷᠢᠨ ᠪᠠᠷᠠᠭᠤᠨ ᠬᠣᠰᠢᠭᠤᠨ ᠤ ᠳ᠋ᠠᠪᠠᠨ ᠤ ᠮᠣᠩᠭᠣᠯ ᠰᠤᠷᠭᠠᠭᠤᠯᠢ ᠳᠤ ᠪᠠᠭᠰᠢᠯᠠᠵᠠᠶ᠃ ᠡᠨᠡ ᠦᠢ᠎ᠡ ᠳᠤ ᠶᠠᠫᠣᠨ ᠤ ᠡᠵᠡᠷᠬᠡᠭ ᠲᠦᠷᠢᠮᠡᠬᠡᠢᠢᠳᠡᠨ ᠪᠠᠭᠠᠷᠢᠨ ᠨᠤᠲᠤᠭ ᠢ  ᠡᠵᠡᠯᠡᠵᠦ ᠳ᠋ᠠᠪᠠᠨ ᠤ ᠮᠣᠩᠭᠣᠯ ᠦᠨᠳᠦᠰᠦᠲᠡᠨ ᠦ ᠰᠤᠷᠭᠠᠭᠤᠯᠢ ᠶᠢ ᠥᠭᠡᠷᠡᠴᠢᠯᠡᠵᠦ ᠬᠠᠭᠤᠷᠮᠠᠭ ᠢᠷᠭᠡᠨ ᠦ ᠰᠢᠯᠢᠳᠡᠭ ᠲᠡᠰ ᠤᠨ ᠰᠤᠷᠭᠠᠭᠤᠯᠢ ᠶᠢ ᠪᠠᠶᠢᠭᠤᠯᠵᠠᠢ᠃ ᠢᠩᠭᠢᠭᠡᠳ ᠦᠨᠳᠦᠰᠦᠲᠡᠨ ᠦ ᠰᠤᠷᠭᠠᠨ ᠬᠥᠮᠦᠵᠢᠯ ᠦᠨ ᠬᠦᠷᠢᠶᠡᠯᠡᠩ ᠨᠢ ᠶᠠᠫᠣᠨ ᠪᠠ ᠬᠠᠭᠤᠷᠮᠠᠭ ᠵᠠᠰᠠᠭ ᠤᠨ ᠪᠣᠭᠣᠯᠴᠢᠯᠠᠬᠤ ᠰᠤᠷᠭᠠᠨ ᠬᠥᠮᠦᠵᠢᠯ ᠦᠨ ᠲᠠᠯᠠᠪᠤᠷ ᠪᠣᠯᠵᠠᠢ᠂ ᠬᠦᠴᠦᠷᠬᠡᠭ ᠶᠡᠬᠡ ᠦᠨᠳᠦᠰᠦᠲᠡᠨ ᠦ ᠰᠡᠳᠬᠢᠯᠭᠡ ᠪᠠ ᠰᠢᠨᠡᠴᠢᠯᠡᠬᠦ ᠦᠵᠡᠯ ᠰᠠᠨᠠᠭ᠎ᠠ ᠲᠠᠢ ᠮᠥᠩᠬᠡᠥ᠌ᠯᠵᠡᠢ ᠂ ᠰᠤᠯᠠ ᠰᠡᠯᠡᠭᠦᠦ ᠴᠠᠭ ᠢᠶᠠᠨ ᠠᠰᠢᠭᠯᠠᠨ 《 ᠠᠷᠠᠳ ᠤᠯᠠᠨ ᠤ ᠰᠤᠷᠭᠠᠨ ᠬᠥᠮᠦᠵᠢᠯ ᠦᠨ ᠰᠤᠷᠬᠤ ᠪᠢᠴᠢᠭ 》  ︽ᠮᠣᠩᠭᠣᠯ ᠬᠡᠯᠡᠨ ᠦ ᠬᠡᠯᠡᠨ ᠵᠦᠢ 》᠂《 ᠮᠣᠩᠭᠣᠯ  ᠬᠡᠯᠡᠨ ᠦ ᠬᠡᠷᠡᠭᠯᠡᠭᠡᠨ ᠦ ᠵᠣᠬᠢᠶᠠᠯ 》 ᠵᠡᠷᠭᠡ ᠵᠢᠭᠠᠬᠤ ᠮᠠᠲ᠋ᠧᠷᠢᠶᠠᠯ ᠢ ᠨᠠᠶᠢᠷᠠᠭᠤᠯᠤᠨ ᠪᠢᠴᠢᠵᠦ ᠦᠨᠳᠦᠰᠦᠲᠡᠨ ᠦ ᠰᠣᠶᠣᠯ ᠤᠨ ᠰᠡᠩᠬᠡᠷᠡᠭᠦᠯᠦᠯ ᠬᠥᠮᠦᠵᠢᠯ ᠬᠢᠵᠦ ᠪᠠᠶᠢᠵᠠᠢ᠃ ᠢᠯᠠᠩᠭᠤᠶ᠎ᠠ《 ᠠᠷᠠᠳ ᠤᠯᠠᠨ ᠤ ᠰᠤᠷᠭᠠᠨ ᠬᠥᠮᠦᠵᠢᠯ ᠦᠨ ᠰᠤᠷᠬᠤ ᠪᠢᠴᠢᠭ 》 ᠲᠤ ᠬᠥᠮᠦᠨ ᠦ ᠡᠭᠦᠰᠦᠯ ᠪᠠ ᠭᠦᠭᠵᠢᠯᠲᠡ ᠶᠢᠨ ᠶᠠᠪᠤᠴᠠ ᠪᠠᠷ ᠠᠭᠤᠯᠭ᠎ᠠ ᠪᠣᠯᠭᠠᠵᠤ ᠂ ᠰᠠᠷᠮᠠᠭᠴᠢᠨ ᠠᠴᠠ ᠬᠥᠮᠦᠨ ᠲᠥᠷᠥᠯᠬᠢᠲᠡᠨ ᠦ ᠬᠤᠪᠢᠰᠤᠯ ᠤᠨ ᠲᠡᠦᠬᠡᠨ ᠦᠵᠡᠯᠲᠡ ᠶᠢ ᠤᠬᠠᠭᠤᠯᠵᠠᠢ ᠃ ᠲᠡᠷᠡ ᠪᠠᠰᠠ ᠳᠠᠭᠤᠤ ᠪᠥᠵᠢᠭ ᠲᠤ ᠠᠪᠢᠶᠠᠰ ᠲᠠᠢ ᠪᠠᠶᠢᠵᠤ᠂《ᠣᠯᠠᠨ ᠲᠦᠮᠡᠨ ᠳᠤ ᠳᠠᠭᠤᠯᠠᠭᠰᠠᠨ ᠳᠠᠭᠤᠤ》᠂ 《 ᠵᠠᠯᠠᠭᠤᠴᠤᠳ ᠲᠤ ᠳᠠᠭᠤᠯᠠᠭᠰᠠᠨ ᠳᠠᠭᠤᠤ 》᠂ 《 ᠠᠬ᠎ᠠ ᠳᠡᠭᠦᠦ ᠨᠡᠷ ᠲᠤ ᠡᠷᠭᠦᠭᠰᠡᠨ ᠰᠢᠯᠦᠭ 》᠂ 《 ᠠᠳᠤᠭᠤᠴᠢᠨ ᠦ ᠳᠠᠭᠤᠯᠠᠯ 》 ᠵᠡᠷᠭᠡ ᠰᠢᠯᠦᠭ ᠳᠠᠭᠤᠯᠠᠯ ᠵᠤᠬᠢᠶᠠᠵᠤ ᠰᠤᠷᠤᠭᠴᠢᠳ ᠲᠤ ᠵᠢᠭᠠᠵᠤ ᠪᠠᠶᠢᠵᠠᠢ ᠃     1944 ᠣᠨ ᠤ ᠨᠠᠮᠤᠷ  ᠮᠥᠩᠬᠡᠥ᠌ᠯᠵᠡᠢ ᠠᠵᠢᠯ ᠰᠢᠯᠵᠢᠵᠦ ᠬᠢᠩᠭᠠᠨ ᠤ ᠶᠡᠷᠦᠩᠬᠡᠶ ᠮᠤᠵᠢ ᠶᠢᠨ ᠵᠠᠬᠢᠷᠭ᠎ᠠ  ᠶᠢᠨ ᠮᠤᠵᠢ ᠶᠢᠨ ᠳᠠᠷᠤᠭ᠎ᠠ ᠪᠤᠶᠠᠨᠮᠠᠨᠳᠤᠬᠤ ᠶᠢᠨ ᠨᠠᠷᠢᠨ ᠪᠢᠴᠢᠭ ᠦᠨ ᠳᠠᠷᠤᠭ᠎ᠠ ᠶᠢᠨ ᠲᠤᠰᠢᠶᠠᠯ ᠢ ᠬᠠᠷᠢᠭᠤᠴᠠᠪᠠ᠃ ᠦᠷᠭᠦᠯᠵᠢ ᠮᠠᠰᠢ ᠤᠯᠠᠨ ᠦᠨᠳᠦᠰᠦᠲᠡᠨ ᠦ ᠳᠡᠭᠡᠳᠦ ᠳᠠᠪᠬᠤᠷᠭᠠᠲᠠᠨ ᠂ ᠵᠢᠱᠢᠶᠡᠯᠡᠪᠡᠯ ᠂ ᠬᠠᠹᠦᠩᠭ᠎ᠠ ᠂ ᠲᠡᠮᠦᠷᠪᠠᠭᠠᠨ᠎ᠠ ᠂  ᠰᠠᠭᠷᠠᠵᠠᠪ ᠵᠡᠷᠭᠡ ᠬᠥᠮᠥᠰ ᠲᠠᠢ ᠣᠶᠢᠷᠠᠲᠤᠳᠠᠭ ᠪᠣᠯᠵᠠᠢ ᠃ ᠲᠡᠳᠡ ᠤ ᠪᠠᠲᠤ ᠴᠢᠩᠭ᠎ᠠ ᠦᠨᠳᠦᠰᠦᠲᠡᠨ ᠦ ᠥᠪᠡᠷ ᠢ ᠪᠡᠨ ᠬᠦᠴᠦᠷᠬᠡᠭᠵᠢᠭᠦᠯᠬᠦ ᠰᠡᠳᠬᠢᠯᠭᠡ ᠪᠣᠯᠤᠨ ᠳᠠᠪᠰᠢᠩᠭᠤᠶ ᠦᠵᠡᠯ ᠰᠠᠨᠠᠭ᠎ᠠ ᠨᠢ ᠮᠥᠩᠬᠡᠥ᠌ᠯᠵᠡᠢ ᠳᠦ ᠰᠡᠩᠬᠡᠷᠡᠭᠦᠯᠦᠯ ᠵᠣᠷᠢᠭᠵᠢᠭᠤᠯᠤᠯ ᠪᠣᠯᠵᠤ ᠪᠠᠶᠢᠵᠠᠢ᠃ 1945 ᠣᠨ ᠳᠤ ᠶᠠᠫᠣᠨ ᠪᠠᠭᠤᠵᠤ ᠥᠭᠭᠦᠭᠰᠡᠨ ᠦ ᠳᠠᠷᠠᠭ᠎ᠠ ᠂ ᠵᠡᠭᠦᠨ ᠮᠣᠩᠭᠣᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠢ ᠪᠡᠯᠡᠳᠬᠡᠨ ᠪᠠᠶᠢᠭᠤᠯᠬᠤ ᠠᠵᠢᠯ ᠳᠤ ᠢᠳᠡᠪᠬᠢᠲᠡᠶ ᠣᠷᠣᠯᠴᠠᠵᠤ  ᠪᠠᠶᠢᠵᠠᠢ᠃ 1946 ᠣᠨ ᠤ 1 ᠰᠠᠷ᠎ᠠ ᠳᠤ ᠂ ᠵᠡᠭᠦᠨ ᠮᠣᠩᠭᠣᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠤᠭᠳᠠᠵᠤ ᠂ ᠲᠡᠷᠡ ᠠᠷᠠᠳ ᠤᠨ ᠶᠠᠪᠤᠳᠠᠯ ᠂ ᠤᠬᠠᠭᠤᠯᠭ᠎ᠠ ᠂ ᠰᠤᠷᠭᠠᠨ ᠬᠥᠮᠦᠵᠢᠯ ᠵᠡᠷᠭᠡ ᠠᠵᠢᠯ ᠢ  ᠬᠠᠷᠢᠭᠤᠴᠠᠵᠤ ᠪᠠᠶᠢᠵᠠᠢ᠃     1946 ᠣᠨ ᠤ 2 ᠰᠠᠷ᠎ᠠ ᠳᠤ ᠂  ᠮᠥᠩᠬᠡᠥ᠌ᠯᠵᠡᠢ  ᠰᠠᠭᠷᠠᠵᠠᠪ ᠵᠡᠷᠭᠡ ᠬᠥᠮᠦᠰ ᠢ  ᠳᠠᠭᠠᠵᠤ ᠵᠤᠤ ᠤᠳᠠ ᠶᠢᠨ ᠴᠢᠭᠤᠯᠭᠠᠨ ᠳᠤ ᠢᠷᠡᠵᠦ ᠵᠤᠤ ᠤᠳᠠ ᠮᠤᠵᠢ ᠪᠠ ᠮᠣᠩᠭᠣᠯ ᠮᠣᠷᠢᠲᠤ ᠴᠡᠷᠢᠭ ᠦᠨ ᠳᠥᠷᠪᠡᠳᠦᠭᠡᠷ ᠳ᠋ᠢᠸᠢᠽᠢ  ᠶᠢ ᠪᠡᠯᠡᠳᠬᠡᠨ ᠪᠠᠶᠢᠭᠤᠯᠵᠤ ᠂ ᠲᠡᠷᠡ ᠠᠷᠠᠳ ᠤᠨ ᠶᠠᠪᠤᠳᠠᠯ ᠪᠠ ᠰᠤᠷᠭᠠᠨ ᠬᠥᠮᠥᠵᠢᠯ ᠢ ᠬᠤᠪᠢᠳᠠᠨ ᠬᠠᠮᠢᠶᠠᠷᠴᠠᠢ᠃ ᠰᠤᠷᠭᠠᠭᠤᠯᠢ ᠪᠠᠨ ᠡᠷᠲᠡᠬᠡᠨ ᠬᠢᠴᠢᠶᠡᠯ ᠰᠡᠷᠭᠦᠭᠡᠬᠦ ᠶᠢᠨ ᠲᠥᠯᠥᠭᠡ᠂  ᠲᠡᠷᠡ ᠡᠳᠦᠷ ᠰᠥᠨᠢ ᠦᠭᠡᠢ ᠵᠢᠭᠠᠬᠤ ᠮᠠᠲ᠋ᠧᠷᠢᠶᠠᠯ ᠨᠠᠶᠢᠷᠠᠭᠤᠯᠤᠨ ᠪᠢᠴᠢᠬᠦ ᠪᠠ ᠬᠢᠴᠢᠶᠡᠯ ᠪᠡᠯᠡᠳᠬᠡᠵᠡᠢ᠃ 《 ᠲᠦᠷᠪᠡᠨ ᠰᠠᠷ᠎ᠠ ᠶᠢᠨ ᠭᠤᠷᠪᠠᠨ 》  ᠤ ᠬᠤᠷᠠᠯ ᠤᠨ ᠳᠠᠷᠠᠭ᠎ᠠ ᠂ ᠯᠢᠨᠰᠢ ᠳᠦ ᠬᠦᠷᠴᠦ ᠳᠤᠮᠳᠠᠳᠤ ᠤᠯᠤᠰ ᠤᠨ ᠡᠪ ᠬᠠᠮᠲᠤ ᠨᠠᠮ ᠤᠨ ᠷᠧᠾᠧ  ᠶᠢᠨ ᠬᠤᠶᠢᠲᠤ ᠬᠡᠰᠡᠭ ᠦᠨ ᠬᠤᠷᠢᠶ᠎ᠠ ᠲᠠᠢ ᠬᠣᠯᠪᠣᠭ᠎ᠠ ᠠᠪᠴᠤ᠂ ᠬᠣᠯᠪᠣᠭᠳᠠᠯ ᠪᠦᠬᠦᠢ ᠬᠡᠯᠡᠯᠴᠡᠭᠡ ᠬᠢᠬᠦ ᠶᠠᠪᠤᠳᠠᠯ ᠢ ᠵᠥᠪᠯᠡᠨ ᠲᠣᠭᠲᠠᠭᠠᠭᠰᠠᠨ ᠪᠠᠶᠢᠨ᠎ᠠ᠃ ᠨᠠᠶᠢᠷᠠᠮᠳᠠᠯ ᠤᠨ ᠬᠡᠯᠡᠯᠴᠡᠭᠡ  ᠠᠮᠵᠢᠯᠲᠠ ᠣᠯᠤᠭᠰᠠᠨ ᠤ ᠲᠠᠷᠠᠭ᠎ᠠ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠷᠧᠾᠧ  ᠶᠢᠨ ᠬᠤᠶᠢᠲᠤ ᠬᠡᠰᠡᠭ ᠦᠨ ᠬᠤᠷᠢᠶ᠎ᠠ ᠂ ᠷᠧᠾᠧ  ᠶᠢᠨ ᠬᠤᠶᠢᠲᠤ ᠬᠡᠰᠡᠭ ᠦᠨ ᠲᠤᠰᠬᠠᠶ ᠵᠠᠬᠢᠷᠭ᠎ᠠ᠂ ᠷᠧᠾᠧ  ᠶᠢᠨ ᠬᠤᠶᠢᠲᠤ ᠬᠡᠰᠡᠭ ᠦᠨ ᠴᠡᠷᠢᠭ ᠦᠨ ᠬᠤᠪᠢᠶᠠᠷᠢ ᠲᠣᠭᠣᠷᠢᠭ ᠯᠢᠨᠳᠦ᠋ᠩ ᠤᠷᠤᠭᠤ ᠤᠷᠤᠭᠰᠢᠲᠠᠶ ᠨᠡᠭᠦᠵᠦ ᠣᠴᠢᠵᠠᠶ ᠃ ᠮᠣᠩᠭᠣᠯ ᠮᠣᠷᠢᠲᠤ ᠴᠡᠷᠢᠭ  ᠤᠨ ᠳᠥᠷᠪᠡᠳᠦᠭᠡᠷ ᠳ᠋ᠢᠸᠢᠽᠢ ᠶᠢ ᠮᠣᠩᠭᠣᠯ ᠬᠢᠲᠠᠳ ᠤᠨ ᠬᠣᠯᠪᠣᠭᠠᠲᠤ ᠴᠡᠷᠢᠭ ᠦᠨ ᠳᠥᠷᠪᠡᠳᠦᠭᠡᠷ ᠳ᠋ᠢᠸᠢᠽᠢ ᠪᠣᠯᠭᠠᠨ ᠥᠭᠡᠷᠡᠴᠢᠯᠡᠵᠦ᠂ ᠮᠥᠩᠬᠡᠥ᠌ᠯᠵᠡᠢ ᠶᠢ ᠤᠯᠤᠰ ᠲᠦᠷᠦ ᠶᠢᠨ ᠬᠡᠯᠲᠡᠰ ᠦᠨ ᠡᠷᠬᠢᠯᠡᠭᠴᠢ ᠪᠠᠷ ᠲᠣᠮᠢᠯᠠᠭᠳᠠᠪᠠ ᠃ 6 ᠰᠠᠷ᠎ᠠ ᠳᠤ ᠲᠡᠷᠡ ᠥᠩᠭᠡ ᠭᠡᠷᠡᠯᠲᠡᠢ ᠪᠡᠷ ᠡᠪ ᠬᠠᠮᠳᠤ ᠨᠠᠮ ᠳᠤ ᠣᠷᠣᠪᠠ ᠃      ᠡᠨᠡ ᠬᠦ ᠬᠤᠭᠤᠴᠠᠭᠠᠨ ᠳᠤ ᠂ ᠲᠡᠷᠡ ᠮᠠᠷᠺᠰ ᠤᠨ ᠦᠵᠡᠯ ᠢ ᠰᠤᠷᠤᠯᠴᠠᠵᠤ᠂ ᠨᠠᠮ ᠤᠨ ᠴᠡᠷᠢᠭ ᠪᠠᠶᠢᠭᠤᠯᠬᠤ ᠦᠵᠡᠯ ᠰᠠᠨᠠᠭ᠎ᠠ ᠪᠠ ᠴᠡᠷᠢᠭ ᠪᠠᠶᠢᠭᠤᠯᠬᠤ ᠵᠠᠷᠴᠢᠮ ᠢ ᠨᠠᠷᠢᠨ ᠬᠢᠨᠠᠮᠠᠭᠠᠶ   ᠰᠤᠳᠤᠯᠵᠤ᠂ ᠴᠡᠷᠢᠭ ᠠᠩᠭᠢ ᠶᠢᠨ ᠤᠯᠤᠰ ᠲᠦᠷᠦ ᠶᠢᠨ ᠪᠠᠶᠢᠭᠤᠯᠤᠯᠲᠠ ᠪᠠ ᠤᠯᠤᠰ ᠲᠦᠷᠦ ᠦᠵᠡᠯ ᠰᠠᠨᠠᠭᠠᠨ ᠤ ᠠᠵᠢᠯ ᠢ ᠠᠮᠵᠢᠯᠲᠠᠲᠠᠶ ᠬᠢᠵᠦ ᠪᠠᠶᠢᠪᠠ ᠃ ᠤᠤᠯ ᠤᠨ ᠮᠣᠷᠢᠲᠤ ᠴᠡᠷᠢᠭ ᠦᠨ ᠳᠥᠷᠪᠡᠳᠦᠭᠡᠷ ᠳ᠋ᠢᠸᠢᠽᠢ ᠶᠢᠨ ᠪᠦᠷᠢᠯᠳᠦᠬᠦᠨ ᠨᠢ ᠨᠡᠯᠢᠶᠡᠳ ᠪᠤᠳᠤᠯᠢᠶᠠᠨᠲᠠᠶ ᠪᠠᠶᠢᠵᠤ ᠂ ᠰᠤᠮᠤ ᠰᠠᠯᠠᠭ᠎ᠠ ᠶᠢᠨ ᠳᠡᠰ ᠡᠴᠡ ᠳ᠋ᠢᠸᠢᠽᠢ ᠶᠢᠨ ᠵᠠᠬᠢᠷᠭ᠎ᠠ ᠬᠦᠷᠲᠡᠯ᠎ᠡ ᠴᠥᠮ ᠴᠡᠭᠴᠡᠯᠡᠯᠲᠡ ᠬᠢᠵᠦ ᠂ ᠡᠭᠦᠨ ᠦ ᠤᠯᠠᠮ ᠠᠴᠠ ᠴᠡᠷᠢᠭ ᠠᠩᠭᠢ ᠶᠢ ᠴᠡᠪᠡᠷᠵᠢᠭᠦᠯᠵᠦ ᠂ ᠴᠡᠷᠢᠭ ᠠᠨᠭᠬᠢ ᠶᠢᠨ ᠲᠠᠢᠢᠴᠢᠨ ᠬᠦᠴᠦ ᠶᠢ ᠳᠡᠭᠡᠭᠰᠢᠯᠡᠭᠦᠯᠵᠡᠢ᠃     1946 ᠣᠨ ᠤ 10 ᠰᠠᠷ᠎ᠠ ᠳᠤ ᠂ ᠭᠣᠮᠢᠨᠳᠠᠩ ᠤᠨ ᠴᠡᠷᠢᠭ ᠤᠯᠠᠭᠠᠨᠬᠠᠳᠠ ᠂ ᠺᠠᠶᠢᠯᠦ ᠶᠢ ᠡᠵᠡᠯᠡᠭᠰᠡᠨ ᠬᠦᠨᠳᠦ ᠨᠣᠴᠢᠲᠠᠢ ᠪᠠᠶᠢᠳᠠᠯ ᠳᠣᠣᠷ᠎ᠠ ᠂ ᠪᠠᠭᠠᠷᠢᠨ ᠪᠠᠷᠠᠭᠤᠨ ᠬᠣᠰᠢᠭᠤᠨ ᠤ ᠵᠡᠭᠦᠨ ᠡᠮᠦᠨᠡᠲᠦ ᠬᠡᠰᠡᠭ ᠢ ᠰᠠᠬᠢᠵᠤ ᠰᠠᠭᠤᠵᠤ ᠪᠠᠶᠢᠭ᠎ᠠ ᠳᠥᠷᠪᠡᠳᠦᠭᠡᠷ ᠳ᠋ᠢᠸᠢᠽᠢ ᠶᠢᠨ ᠭᠤᠴᠢᠨ ᠳᠥᠷᠪᠡᠳᠦᠭᠡᠷ ᠬᠤᠷᠢᠶ᠎ᠠ ᠶᠢᠨ ᠬᠣᠶᠠᠳᠤᠭᠠᠷ ᠰᠤᠮᠤᠨ ᠤ ᠳᠠᠷᠤᠭ᠎ᠠ ᠤᠷᠳᠤ ᠪᠠ ᠠᠷᠤ ᠬᠣᠷᠴᠢᠨ ᠬᠣᠰᠢᠭᠤᠨ ᠤ ᠳᠥᠷᠪᠡᠳᠦᠭᠡᠷ ᠳ᠋ᠢᠸᠢᠽᠢ ᠶᠢᠨ ᠭᠤᠴᠢᠨ ᠲᠠᠪᠤᠳᠤᠭᠠᠷ ᠬᠣᠷᠢᠶ᠎ᠠ ᠶᠢᠨ ᠬᠣᠷᠢᠶᠠᠨ ᠳᠠᠷᠤᠭ᠎ᠠ ᠡᠯᠳᠡᠩᠭᠡ ᠬᠠᠷᠢᠯᠴᠠᠨ ᠬᠣᠯᠪᠣᠭᠠᠯᠠᠵᠤ ᠴᠡᠷᠢᠭ ᠤᠷᠪᠠᠵᠤ ᠭᠣᠮᠢᠨᠳᠠᠩ ᠢ ᠳᠠᠭᠠᠬᠤ ᠭᠡᠵᠦ ᠪᠠᠶᠢᠪᠠ᠃ ᠤᠷᠳᠤ ᠲᠤᠤᠷᠠᠬᠢ ᠬᠥᠮᠥᠨ ᠮᠠᠥ ᠰᠢᠶᠤᠤ ᠪᠠᠨ ᠲᠣᠮᠢᠯᠠᠵᠤ ᠳ᠋ᠢᠸᠢᠽᠢ ᠶᠢᠨ ᠵᠠᠬᠢᠷᠭ᠎ᠠ ᠳᠤ ᠣᠴᠢᠭᠤᠯᠵᠤ ᠬᠠᠭᠤᠷᠮᠠᠭ ᠢᠶᠠᠷ ᠠᠵᠢᠯ ᠮᠡᠳᠡᠭᠦᠯᠵᠦ ᠵᠢᠭᠠᠪᠤᠷᠢ ᠠᠪᠤᠭᠤᠯᠵᠠᠢ᠃ ᠳ᠋ᠢᠸᠢᠽᠢ ᠶᠢᠨ ᠵᠠᠬᠢᠷᠭ᠎ᠠ ᠠᠴᠠ ᠮᠥᠩᠬᠡᠥ᠌ᠯᠵᠡᠢ ᠶᠢ ᠲᠣᠮᠢᠯᠠᠨ ᠪᠠᠶᠢᠳᠠᠯ ᠢ ᠣᠶᠢᠯᠠᠭᠠᠭᠤᠯᠪᠠ᠃ 11 ᠰᠠᠷ᠎ᠠ ᠶᠢᠨ 15  ᠤ ᠡᠳᠦᠷ ᠮᠥᠩᠬᠡᠥ᠌ᠯᠵᠡᠢ ᠳ᠋ᠢᠸᠢᠽᠢ ᠶᠢᠨ ᠤᠯᠤᠰ ᠲᠦᠷᠦ ᠶᠢᠨ ᠬᠡᠯᠲᠡᠰ ᠦᠨ ᠠᠵᠢᠯᠯᠠᠭᠴᠢ ᠴᠣᠶᠢᠵᠢᠰᠡᠩᠭᠡ  ᠵᠡᠷᠭᠡ 11 ᠬᠥᠮᠦᠨ ᠢ ᠳᠠᠭᠠᠭᠤᠯᠵᠤ ᠯᠢᠨᠳᠦ᠋ᠩ ᠡᠴᠡ ᠭᠠᠷᠴᠤ ᠴᠠᠰᠤ ᠮᠥᠰᠥ ᠪᠡᠷ ᠬᠤᠴᠢᠭᠳᠠᠭᠰᠠᠨ ᠣᠷᠣᠨ ᠨᠤᠭᠤᠳ ᠢᠶᠠᠷ 400 ᠭᠠᠷᠤᠢ ᠭᠠᠵᠠᠷ ᠠᠶᠠᠯᠵᠤ᠂ 11 ᠰᠠᠷ᠎ᠠ ᠶᠢᠨ 18  ᠤ ᠡᠳᠦᠷ ᠪᠠᠭᠠᠷᠢᠨ ᠪᠠᠷᠠᠭᠤᠨ  ᠭᠠᠷᠤᠨ ᠬᠣᠰᠢᠭᠤ ᠶᠢᠨ ᠫᠠᠢ ᠮᠣᠳᠣ  ᠶᠢᠨ ᠤᠷᠲᠤ ᠶᠢᠨ ᠰᠠᠭᠤᠭ᠎ᠠ ᠭᠠᠵᠠᠷ ᠬᠦᠷᠪᠡ᠃ ︽ᠬᠣᠯᠪᠣᠭᠠᠴᠢᠨ︾ ᠮᠠᠥ ᠰᠢᠶᠤᠤ ᠤᠷᠪᠠᠨ ᠬᠤᠳᠠᠯᠳᠤᠭᠰᠠᠨ ᠠᠴᠠ ᠂  ᠮᠥᠩᠬᠡᠥ᠌ᠯᠵᠡᠢ ᠵᠡᠷᠭᠡ 11 ᠬᠥᠮᠦᠨ ᠪᠦᠬᠦᠠ ᠢᠶᠡᠷ ᠢᠶᠡᠨ ᠪᠠᠷᠢᠪᠴᠢᠯᠠᠭᠳᠠᠵᠠᠢ᠃ ᠳᠡᠭᠡᠷᠡᠮ ᠲᠡᠳᠡᠨ ᠢ ᠬᠦᠯᠢᠵᠦ ᠡᠯᠳᠡᠪ ᠢᠶᠡᠷ ᠲᠠᠯᠬᠢᠳᠠᠵᠤ ᠂ ᠡᠮᠦᠨᠡᠰᠢ ᠪᠡᠨ ᠪᠠᠭᠠᠷᠢᠨ ᠪᠠᠷᠠᠭᠤᠨ ᠭᠠᠷᠤᠨ ᠬᠣᠰᠢᠭᠤᠨ ᠤ ᠬᠢᠯᠢ  ᠪᠡᠷ ᠳᠠᠮᠵᠢᠵᠤ ᠭᠣᠮᠢᠨᠳᠠᠩ ᠳᠤ ᠲᠤᠰᠢᠶᠠᠵᠤ ᠱᠠᠩᠨᠠᠯ ᠭᠦᠷᠲᠡᠬᠦ ᠪᠠᠷ ᠪᠡᠯᠡᠳᠬᠡᠵᠦ ᠪᠠᠶᠢᠪᠠ ᠃ 11 ᠰᠠᠷ᠎ᠠ ᠶᠢᠨ 22  ᠤᠨ ᠡᠳᠦᠷ ᠳᠡᠭᠡᠷᠡᠮ ᠦᠳ ᠮᠥᠩᠬᠡᠥ᠌ᠯᠵᠡᠢ ᠶᠢ ᠣᠩᠨᠢᠭᠤᠳ ᠬᠣᠰᠢᠭᠤᠨ ᠤ ᠯᠣᠩᠬᠣᠲᠤ ᠰᠦᠮ᠎ᠡ ᠶᠢᠨ ᠴᠠᠭᠠᠨ ᠠᠶᠢᠯ ᠳᠦ ᠬᠦᠷᠭᠡᠵᠡᠢ᠃ ᠰᠥᠨᠢ ᠪᠣᠯᠬᠤ ᠳᠤ ᠲᠡᠷᠡ ᠬᠡᠳᠦᠨ ᠪᠠᠶᠯᠳᠤᠭᠴᠢ ᠲᠠᠢ ᠬᠠᠮᠳᠤ ᠳᠤᠲᠠᠭᠠᠨ ᠭᠠᠷᠤᠭᠰᠠᠨ ᠪᠣᠯᠪᠠᠴᠤ ᠵᠣᠯ ᠪᠤᠰᠤ ᠢᠶᠠᠷ ᠭᠦᠨ ᠭᠣᠣ ᠳᠤ ᠤᠨᠠᠵᠤ᠂ ᠳᠠᠬᠢᠨ ᠪᠣᠰᠴᠤ ᠭᠦᠶᠦᠬᠦ ᠳ᠋ᠦ᠋ᠨᠢ ᠳᠡᠭᠡᠷᠡᠮᠴᠢᠳ  ᠫᠤᠤᠳᠠᠵᠤ ᠵᠡᠭᠦᠨ ᠬᠥᠯ ᠨᠢ ᠰᠤᠮᠤᠨ ᠳᠤ ᠣᠨᠣᠭᠳᠠᠵᠤ ᠳᠠᠬᠢᠨ ᠪᠠᠷᠢᠪᠴᠢᠯᠠᠭᠳᠠᠵᠠᠢ᠂ ᠳᠡᠭᠡᠷᠡᠮ ᠬᠠᠷᠭᠢᠰ ᠬᠡᠷᠴᠡᠭᠡᠶ ᠪᠠᠷ ᠫᠤᠤ ᠶᠢᠨ ᠳᠤᠬᠤ ᠪᠠᠷ ᠭᠠᠪᠠᠯᠠ ᠶᠢ ᠨᠢ ᠬᠡᠮᠬᠡ ᠴᠣᠬᠢᠵᠤ ᠮᠥᠩᠬᠡᠥ᠌ᠯᠵᠡᠢ ᠪᠠᠭᠠᠲᠤᠷᠯᠢᠭ ᠢᠶᠠᠷ ᠪᠡᠶ᠎ᠡ ᠦᠷᠡᠭᠳᠡᠵᠡᠢ᠂ ᠲᠤᠬᠠᠶ ᠶᠢᠨ ᠵᠢᠯ ᠭᠤᠴᠢᠨ ᠨᠠᠰᠤᠲᠠᠶ ᠪᠠᠶᠢᠪᠠ ᠃  
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ