ᠰᠢᠨᠬᠤᠸᠠ ᠬᠤᠷᠢᠶ᠎ᠠ ᠶᠢᠨ ᠪᠡᠭᠡᠵᠢᠩ ᠤᠨ 5 ᠰᠠᠷ᠎ᠠ ᠶᠢᠨ 9 ᠤ ᠴᠠᠬᠢᠯᠭᠠᠨ ᠮᠡᠳᠡᠭᠡ 5 ᠰᠠᠷ᠎ᠠ ᠶᠢᠨ 8 ᠤ ᠡᠳᠦᠷ ᠂ ᠤᠯᠤᠰ ᠤᠨ ᠲᠡᠷᠢᠭᠦᠯᠡᠭᠴᠢ ᠰᠢ ᠶᠢᠨ | ᠫᠢᠩ ᠷᠦᠸᠠᠨᠳᠠ ᠳᠤ ᠰᠢᠷᠦᠭᠦᠨ ᠪᠣᠷᠣᠭᠠᠨ ᠤ ᠭᠠᠮᠰᠢᠭ ᠪᠣᠯᠤᠭᠰᠠᠨ ᠲᠤᠬᠠᠢ ᠷᠦᠸᠠᠨᠳᠠ ᠶᠢᠨ ᠶᠡᠷᠦᠩᠬᠡᠶᠢᠯᠡᠭᠴᠢ ᠺᠠᠵᠢᠶᠠᠮᠸᠢ ᠳᠤ ᠲᠣᠬᠤᠨᠢᠭᠤᠯᠬᠤ ᠴᠠᠬᠢᠯᠭᠠᠨ ᠴᠢᠮᠡᠭᠡ | ᠶᠠᠪᠤᠭᠤᠯᠪᠠ ᠃ | ᠰᠢ ᠶᠢᠨ ᠫᠢᠩ ᠂ ᠣᠶᠢᠷ᠎ᠠ ᠶᠢᠨ ᠡᠳᠦᠷ ᠷᠦᠸᠠᠨᠳᠠ ᠶᠢᠨ ᠤᠯᠠᠨ ᠭᠠᠵᠠᠷ ᠰᠢᠷᠦᠭᠦᠨ ᠪᠣᠷᠣᠭᠠᠨ ᠤ ᠭᠠᠮᠰᠢᠭ ᠲᠤ ᠲᠠᠭᠠᠷᠢᠬᠳᠠᠵᠤ ᠂ ᠬᠥᠮᠥᠨ ᠬᠠᠷ᠎ᠠ ᠬᠦᠨᠳᠦ | ᠨᠣᠴᠢᠲᠠᠢ ᠦᠬᠦᠵᠦ ᠰᠢᠷᠬᠠᠲᠤᠭᠰᠠᠨ ᠪᠠ ᠡᠳ᠋ ᠬᠥᠷᠥᠩᠭᠡ ᠶᠢᠨ ᠬᠤᠬᠢᠷᠠᠯ ᠭᠠᠷᠴᠠᠢ ᠂ ᠪᠢ ᠳᠤᠮᠳᠠᠳᠤ ᠤᠯᠤᠰ ᠤᠨ ᠵᠠᠰᠠᠭ ᠤᠨ ᠣᠷᠳᠣᠨ ᠪᠣᠯᠣᠨ ᠳᠤᠮᠳᠠᠳᠤ | ᠤᠯᠤᠰ ᠤᠨ ᠠᠷᠠᠳ ᠲᠦᠮᠡᠨ ᠤ ᠡᠮᠦᠨ᠎ᠡ ᠠᠴᠠ ᠂ ᠠᠳᠡᠭᠰᠡᠳ ᠢ ᠭᠦᠨ ᠡᠮᠭᠡᠨᠢᠨ ᠭᠠᠰᠢᠭᠤᠳᠠᠵᠤ ᠪᠠᠶᠢᠬᠤ ᠪᠠᠨ ᠢᠯᠡᠳᠬᠡᠵᠦ ᠂ ᠠᠳᠡᠭᠰᠡᠳ ᠤᠨ ᠭᠡᠷ ᠪᠦᠯᠢ ᠂ | ᠰᠢᠷᠬᠠᠲᠤᠭᠰᠠᠳ ᠪᠣᠯᠣᠨ ᠭᠠᠮᠰᠢᠭᠳᠠᠭᠰᠠᠨ ᠣᠷᠣᠨ ᠤ ᠠᠷᠠᠳ ᠲᠦᠮᠡᠨ ᠢ ᠴᠢᠩ ᠰᠡᠳᠬᠢᠯ ᠠᠴᠠ ᠪᠠᠨ ᠲᠣᠬᠤᠨᠢᠭᠤᠯᠵᠤ ᠪᠠᠶᠢᠨ᠎ᠠ ᠃ ᠷᠦᠸᠠᠨᠳᠠ ᠯᠠᠪᠲᠠᠢ ᠬᠦᠴᠢᠷ | ᠪᠡᠷᠬᠡᠰᠢᠶᠡᠯ ᠢ ᠢᠯᠠᠨ ᠳᠠᠪᠠᠵᠤ ᠂ ᠭᠡᠷ ᠣᠷᠣᠨ ᠢᠶᠠᠨ ᠳᠠᠭᠢᠨ ᠪᠠᠶᠢᠭᠤᠯᠬᠤ ᠶᠢ ᠢᠲᠡᠭᠡᠵᠦ ᠪᠠᠶᠢᠨ᠎ᠠ ᠭᠡᠵᠦ ᠢᠯᠡᠳᠬᠡᠪᠡ ᠃ | | |