ᠠᠯ ᠤᠨ ᠡᠷᠢᠯ
ᠨᠡᠶᠢᠲᠡᠯᠡᠭᠰᠡᠨ ᠴᠠᠭ᠄
2024/5/27
     ᠮᠠᠯᠵᠢᠬᠤ ᠤᠷᠤᠨ ᠳᠤ ᠮᠠᠯ ᠠᠯᠳᠠᠵᠤ ᠡᠷᠢᠭᠦ ᠶᠠᠪᠤᠳᠠᠯ ᠦᠷᠭᠦᠯᠵᠢ ᠭᠠᠷᠳᠠᠭ ᠪᠦᠭᠡᠳ ᠮᠠᠯ  ᠤᠨ ᠡᠷᠢᠯ ᠳᠤ ᠶᠠᠪᠤᠵᠤ ᠪᠠᠶᠢᠭ᠎ᠠ ᠮᠠᠯᠴᠢᠨ ᠢ ᠤᠴᠠᠷᠠᠵᠤ ᠭᠤᠶᠤᠭᠰᠠᠨ ᠭᠦᠮᠦᠨ ᠪᠦᠷ ᠰᠤᠷᠠᠭ ᠴᠢᠮᠡᠭᠡ ᠭᠡᠯᠡᠵᠤ ᠦᠭᠭᠦ᠂ ᠵᠠᠮ ᠮᠦᠷ ᠵᠢᠭᠠᠵᠤ ᠦᠭᠭᠦ᠂ ᠬᠤᠨᠤᠭ ᠬᠤᠭᠤᠯᠠ ᠳᠤᠬᠢᠷᠠᠭᠤᠯᠵᠤ ᠦᠭᠭᠦ ᠰᠠᠶᠢᠬᠠᠨ ᠵᠠᠩ ᠲᠠᠢ ᠪᠢᠯᠡ᠃ ᠮᠤᠷᠢ ᠳᠡᠮᠡᠭᠡ ᠦᠭᠡᠷ ᠤᠨ ᠡᠷᠢᠯ ᠳᠤ ᠶᠠᠪᠤᠵᠤ ᠪᠠᠶᠢᠭ᠎ᠠ ᠭᠦᠮᠦᠨ ᠤᠯᠠᠩᠬᠢ ᠳᠠᠭᠠᠨ ᠨᠠᠰᠤᠳᠠᠢ ᠭᠦᠮᠦᠨ ᠪᠤᠶᠤ ᠠᠳᠤᠭᠤᠴᠢᠨ ᠳᠡᠮᠡᠭᠡᠴᠢᠨ ᠦᠭᠡᠷᠴᠢᠨ ᠢ ᠡᠷᠢᠵᠤ᠂ ᠮᠡᠨᠳᠤ ᠰᠠᠶᠢᠨ ᠢᠶᠠᠨ ᠠᠰᠠᠭᠤᠵᠤ᠂ ᠳᠡᠮᠠᠬᠢᠯᠴᠠᠬᠤ ᠶᠢᠨ ᠬᠠᠮᠳᠤ ᠠᠷᠢᠬᠢ ᠪᠠᠷᠢᠵᠤ᠂ ᠡᠷᠢᠵᠤ ᠪᠠᠶᠢᠭ᠎ᠠ ᠮᠠᠯ ᠤᠨ ᠢᠶᠠᠨ ᠨᠠᠰᠤ ᠰᠢᠳᠤ᠂ ᠦᠩᠭᠡ ᠵᠢᠰᠦᠮ᠂ ᠢᠮ ᠳᠠᠮᠠᠭ᠎ᠠ ᠂ ᠤᠨᠴᠠᠭᠠᠢ ᠳᠡᠮᠳᠡᠭ᠂ ᠭᠡᠵᠢᠶ᠎ᠡ ᠭᠡᠭᠡᠵᠤ ᠠᠯᠳᠠᠭᠰᠠᠨ ᠵᠡᠷᠭᠡ ᠪᠠᠨ ᠭᠡᠭᠡᠭᠳᠡᠯ ᠦᠭᠡᠢ ᠭᠡᠯᠡ ᠨᠠᠶᠢᠳᠠᠵᠤ ᠭᠤᠶᠤᠳᠠᠭ᠃ ᠭᠡᠷᠪᠡ ᠳᠤᠰ ᠭᠦᠮᠦᠨ ᠤᠯᠵᠤ ᠦᠵᠡᠭᠰᠡᠨ ᠪᠤᠶᠤ ᠴᠢᠮᠡᠭᠡ ᠰᠤᠷᠠᠭ ᠰᠤᠨᠤᠰᠤᠭᠰᠠᠨ ᠪᠤᠯ ᠯᠠᠪᠳᠠᠢ ᠰᠠᠶᠢᠬᠠᠨ ᠭᠡᠯᠡᠵᠤ ᠦᠭᠳᠡᠭ ᠶᠤᠮ᠃ ᠭᠡᠷᠪᠡ ᠮᠡᠳᠡᠭᠦ ᠦᠭᠡᠢ ᠪᠤᠯ ᠰᠤᠷᠠᠭᠯᠠᠵᠤ ᠪᠠᠶᠢᠭ᠎ᠠ ᠴᠢᠮᠡᠭᠡ ᠰᠤᠷᠠᠭ ᠤᠯᠪᠠᠯ ᠭᠡᠵᠢᠶ᠎ᠡ ᠴᠦ ᠬᠠᠮᠢᠶ᠎ᠠ ᠦᠭᠡᠢ ᠡᠷᠢᠯ ᠤᠨ ᠡᠵᠡᠨ ᠳᠤ ᠴᠢᠮᠡᠭᠡ ᠦᠭᠳᠡᠭ᠃ ᠡᠷᠢᠯ ᠤᠨ ᠮᠠᠯ ᠢ ᠶᠠᠭ ᠤᠯᠬᠤ ᠦᠭᠡᠢ ᠪᠤᠯ ᠵᠠᠷᠢᠮᠳ ᠠᠳᠠᠯᠤ ᠶᠢᠨ ᠳᠦᠯᠭᠡᠴᠢᠨ ᠢ ᠡᠷᠢᠵᠤ᠂ ᠲᠦᠯᠡᠭᠡ ᠦᠵᠡᠭᠦᠯᠳᠡᠭ ᠴᠦ ᠪᠤᠢ᠃ ᠳᠠᠯᠤ ᠶᠢᠨ ᠳᠦᠯᠭᠡᠴᠢᠨ ᠶᠡᠷᠦ ᠠᠴᠠ ᠬᠤᠨᠢᠨ ᠤ ᠳᠠᠯᠤ ᠶᠢ ᠰᠢᠳᠤ ᠭᠦᠷᠭᠡᠭᠦ ᠦᠭᠡᠢ ᠬᠢᠳᠤᠭ᠎ᠠ ᠪᠠᠷ ᠮᠦᠯᠵᠢᠭᠡᠳ ᠮᠤᠩᠭᠤᠯ ᠭᠡᠷ ᠤᠨ ᠬᠠᠨᠨ ᠳᠤᠯᠤᠭᠠᠢ ᠳᠤ ᠪᠡᠯᠡᠬᠡᠨ ᠬᠠᠳᠠᠭᠠᠯᠠᠵᠤ ᠪᠠᠶᠢᠳᠠᠭ᠃ ᠳᠦᠯᠭᠡ ᠦᠵᠡᠭᠦᠯᠭᠦ ᠭᠦᠮᠦᠨ ᠦᠪᠡᠷ ᠤᠨ ᠨᠠᠰᠤ᠂ ᠨᠡᠷ᠎ᠡ ᠤᠪᠤᠭ᠂ ᠠᠯᠳᠠᠭᠰᠠᠨ ᠮᠠᠯ ᠤᠨ ᠨᠠᠰᠤ ᠰᠢᠳᠤ᠂ ᠢᠮ ᠳᠠᠮᠠᠭ᠎ᠠ᠂ ᠦᠩᠭᠡ ᠵᠢᠰᠦᠮ᠂ ᠤᠨᠴᠠᠭᠠᠢ ᠳᠡᠮᠳᠡᠭ᠂ ᠭᠡᠵᠢᠶ᠎ᠡ ᠭᠡᠭᠡᠭᠰᠡᠨ ᠵᠡᠷᠭᠡ ᠶᠢ ᠳᠤᠳᠤᠷᠬᠠᠢ ᠶᠠᠷᠢᠵᠤ ᠦᠭᠳᠡᠭ᠂ ᠵᠠᠷᠢᠮ ᠳᠦᠯᠭᠡᠴᠢᠨ ᠨᠢ ᠡᠳᠡᠭᠡᠷ ᠢ ᠶᠠᠷᠢᠭᠤᠯᠬᠤ ᠦᠭᠡᠢ᠂ ᠳᠦᠯᠭᠡ ᠳᠡᠭᠡᠷ᠎ᠡ ᠠᠴᠠ ᠪᠠᠨ ᠦᠵᠡᠭᠡᠳ ᠭᠡᠯᠡᠳᠡᠭ ᠡᠷᠳᠡᠮ ᠲᠠᠢ ᠪᠠᠶᠢᠳᠠᠭ᠃ ᠳᠦᠯᠭᠡᠴᠢᠨ ᠳᠠᠯᠤ ᠶᠢᠨ ᠶᠠᠰᠤ ᠪᠠᠨ ᠭᠠᠯ ᠳᠤ ᠰᠢᠳᠠᠭᠠᠭᠠᠳ᠂ ᠰᠢᠳᠠᠭᠠᠭᠰᠠᠨ ᠶᠠᠰᠤᠨ ᠳᠡᠭᠡᠷ᠎ᠡ ᠭᠠᠷᠤᠭᠰᠠᠨ ᠴᠠᠪᠠ ᠮᠦᠷ ᠢ ᠰᠢᠨᠵᠢᠵᠤ ᠪᠠᠶᠢᠭᠠᠳ᠂ ᠡᠨᠡᠭᠦ ᠠᠯᠳᠠᠭᠰᠠᠨ ᠮᠠᠯ ᠠᠯᠢ ᠵᠦᠭ ᠲᠤ ᠪᠠᠶᠢᠨ᠎ᠠ᠂ ᠬᠤᠯᠠᠭᠠᠶᠢᠴᠢ ᠶᠢᠨ ᠭᠠᠷ ᠲᠤ ᠤᠷᠤᠭᠰᠠᠨ ᠡᠰᠡᠭᠦ᠂ ᠬᠤᠳᠠᠯᠳᠤᠵᠤ ᠠᠯᠠᠭᠰᠠᠨ ᠡᠰᠡᠭᠦ᠂ ᠤᠯᠬᠤ ᠪᠠ ᠤᠯᠬᠤ ᠦᠭᠡᠢ ᠵᠡᠷᠭᠡ ᠶᠢ ᠳᠤᠪ ᠳᠤᠳᠤᠷᠬᠠᠢ ᠭᠡᠯᠡᠵᠤ ᠦᠭᠳᠡᠭ᠃ ᠵᠠᠷᠢᠮ ᠳᠠᠭᠠᠨ ᠳᠦᠯᠭᠡᠴᠢᠨ ᠤ ᠭᠡᠯᠡᠭᠰᠡᠨ ᠢᠶᠠᠷ ᠠᠯᠳᠠᠭᠰᠠᠨ ᠮᠠᠯ ᠢᠶᠠᠨ ᠡᠷᠢᠭᠡᠳ ᠤᠯᠤᠭᠠᠳ ᠠᠪᠳᠠᠭ ᠴᠦ ᠪᠤᠢ᠃ ᠡᠶᠢᠮᠦ ᠪᠤᠯ ᠳᠦᠯᠭᠡᠴᠢᠨ ᠦᠨᠡᠭᠡᠷ ᠠᠶᠢᠯ ᠭᠤᠤᠯ ᠤᠶᠢᠷ᠎ᠠ ᠬᠠᠪᠢ ᠳᠠᠭᠠᠨ ᠠᠯᠳᠠᠷᠰᠢᠳᠠᠭ᠃ ᠭᠡᠪᠡᠴᠤ ᠪᠠᠰᠠ ᠠᠷᠪᠢᠨ ᠨᠢ ᠪᠤᠳᠠᠳᠠᠢ ᠪᠡᠶᠡᠯᠡᠭᠳᠡᠳᠡᠭ ᠦᠭᠡᠢ ᠳᠤᠯᠠ ︽ᠳᠠᠯᠤ ᠶᠢᠨ ᠳᠦᠯᠭᠡᠴᠢ ᠳᠠᠯᠠᠨ ᠬᠤᠳᠠᠯᠴᠢ︾ ᠭᠡᠳᠡᠭ ᠴᠦ ᠪᠤᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ