ᠴᠢᠩ ᠤᠨ ᠪᠠᠭᠠᠷᠢᠨ ᠬᠦᠬᠦᠷᠭᠡ
ᠨᠡᠶᠢᠲᠡᠯᠡᠭᠰᠡᠨ ᠴᠠᠭ᠄
2024/5/28
    ᠣᠳᠣ ᠶᠢᠨ ᠪᠠᠭᠠᠷᠢᠨ ᠪᠠᠷᠠᠭᠤᠨ ᠬᠤᠰᠢᠭᠤ ᠪᠣᠯᠣᠨ ᠣᠩᠨᠢᠭᠤᠳ ᠬᠤᠰᠢᠭᠤ ᠶᠢ ᠵᠠᠭᠠᠭᠯᠠᠭᠰᠠᠨ ᠰᠢᠷᠠᠮᠦ᠋ᠷᠡᠨ ᠭᠤᠣᠯ ᠳᠡᠭᠡᠷ᠎ᠡ ᠪᠠᠶᠢᠬᠰᠡᠨ ᠬᠦᠬᠦᠷᠭᠡ ᠪᠣᠯᠣᠨ᠎ᠡ᠃ ᠴᠢᠩ ᠤᠯᠤᠰ ᠤᠨ ᠡᠶᠡᠪᠡᠷ ᠵᠠᠰᠠᠭᠴᠢ ᠶᠢᠨ ᠠᠷᠪᠠᠨ ᠲᠣᠯᠣᠲᠣᠭᠠᠷ ᠣᠨ ︵1660 ᠣᠨ︶ ᠳᠤ ᠰᠠᠴᠡᠨ ᠲᠡᠭᠡᠲᠣ ᠬᠦᠷᠦᠨ ᠬᠦᠩᠵᠦ ᠶᠢᠨ ᠰᠠᠨᠠᠭᠠᠴᠢᠯᠠᠭ᠎ᠠ ᠪᠠᠷ ᠪᠠᠶᠢᠭᠤᠯᠤᠬᠰᠡᠨ ᠪᠣᠯᠬᠤᠷ ᠪᠠᠰᠠ ︽ᠬᠦᠩᠵᠦ ᠶᠢᠨ ᠬᠦᠬᠦᠷᠭᠡ︾ ᠬᠡᠵᠦ ᠴᠦ ᠬᠡᠯᠡᠲᠡᠭ᠃ ᠲᠦᠭᠡᠮᠡᠯ ᠡᠯᠪᠡᠭᠲᠦ ᠶᠢᠨ ᠵᠢᠷᠭᠤᠲᠣᠭᠠᠷ ᠣᠨ ︵1856 ᠣᠨ︶ ᠳᠤ ᠳᠠᠬᠢᠨ ᠵᠠᠰᠠᠬᠤ ᠳᠤ ᠪᠠᠨ ᠬᠦᠰᠢᠶᠡᠨ ᠦᠰᠦᠭ ᠰᠡᠶᠢᠯᠵᠤ ᠦᠯᠡᠳᠡᠭᠡᠵᠡᠢ᠃ 1912 ᠣᠨ ︵ᠢᠷᠭᠡᠨ ᠤᠯᠤᠰ ᠤᠨ ᠠᠩᠬᠠᠲᠣᠭᠠᠷ ᠣᠨ︶᠂ 1930 ᠣᠨ ︵ᠢᠷᠭᠡᠨ ᠤᠯᠤᠰ ᠤᠨ 19 ᠣᠨ︶ ᠳᠤ ᠲᠣᠰ ᠬᠦᠬᠦᠷᠭᠡ ᠬᠤᠶᠠᠷ ᠤᠳᠠᠭ᠎ᠠ ᠦᠶᠡᠷ ᠲᠤ ᠣᠷᠣᠰᠬᠠᠬᠲᠠᠪᠠ᠃ 1936 ᠣᠨ ︵ᠬᠠᠭᠤᠷᠮᠠᠭ ᠮᠠᠨᠵᠦ ᠶᠢᠨ ᠳ᠋ᠠ ᠲᠦᠩ ᠤᠨ ᠭᠤᠷᠪᠠᠲᠣᠭᠠᠷ ᠣᠨ︶ ᠳᠤ ᠶᠠᠫᠥᠨ᠂ ᠬᠠᠭᠤᠷᠮᠠᠭ ᠮᠠᠨᠵᠦ ᠤᠯᠤᠰ ᠨᠢ ᠤᠯᠠᠭᠠᠨᠬᠠᠳᠠ ᠠᠴᠠ ᠯᠢᠨᠰᠢ ᠬᠦᠷᠬᠦ ᠵᠠᠰᠠᠮᠠᠯ ᠵᠠᠮ ᠢ ᠵᠠᠰᠠᠬᠤ ᠳᠤ ᠪᠠᠨ ᠪᠠᠭᠠᠷᠢᠨ ᠬᠦᠬᠦᠷᠭᠡ ᠶᠢᠨ ᠣᠷᠢᠲᠣ ᠦᠵᠦᠬᠦᠷ ᠲᠤ ᠪᠧᠲ᠋ᠣᠨ ᠣᠯᠣᠮᠣᠨ ᠬᠦᠬᠦᠷᠭᠡ ᠳᠡᠪᠢᠰᠴᠣ᠂ ᠪᠠᠰᠠ ᠨᠢᠭᠡ ᠭᠤᠯᠲᠣᠷᠢᠯ ᠵᠠᠰᠠᠬᠰᠡᠨ ᠪᠠᠶᠢᠪᠠ᠃ 1945 ᠣᠨ ᠳᠤ᠂ ᠵᠦᠪᠯᠡᠯᠲᠣ ᠶᠢᠨ ᠴᠡᠷᠢᠭ ᠲᠣᠮᠲᠠᠲᠣ ᠤᠯᠤᠰ ᠤᠨ ᠵᠡᠭᠦᠨ ᠬᠤᠶᠢᠲᠣ ᠣᠷᠣᠨ ᠳᠤ ᠣᠷᠣᠬᠤ ᠦᠶᠡᠰ ᠶᠠᠫᠥᠨ ᠲᠣᠲᠠᠭᠠᠬᠤ ᠠᠴᠠ ᠪᠠᠨ ᠡᠮᠣᠨ᠎ᠡ ᠪᠠᠭᠠᠷᠢᠨ ᠬᠦᠬᠦᠷᠭᠡ ᠶᠢᠨ ᠨᠢᠭᠡ ᠭᠤᠯᠲᠣᠷᠢᠯ ᠢ ᠳᠡᠯᠪᠡᠴᠢᠵᠡᠢ᠂ ᠵᠦᠪᠯᠡᠯᠲᠣ ᠶᠢᠨ ᠴᠡᠷᠢᠭ ᠬᠦᠬᠦᠷᠭᠡ ᠶᠢᠨ ᠦᠯᠡᠳᠡᠭᠲᠡᠯ ᠢ ᠠᠰᠢᠬᠠᠯᠠᠨ ᠭᠤᠣᠯ ᠭᠡᠲᠦᠯᠵᠡᠢ᠃ 1952 ᠣᠨ ᠳᠤ᠂ ᠪᠠᠭᠠᠷᠢᠨ ᠬᠦᠬᠦᠷᠭᠡ ᠶᠢᠨ ᠣᠣᠯ ᠤᠨ ᠵᠠᠮ ᠤᠨ ᠭᠠᠳᠠᠷᠭᠤ ᠶᠢ ᠳᠠᠬᠢᠨ ᠵᠠᠰᠠᠵᠠᠢ᠃ 1963 ᠣᠨ ᠳᠤ᠂ ᠲᠣᠰ ᠬᠦᠬᠦᠷᠭᠡ ᠶᠢᠨ ᠲᠣᠣᠷ᠎ᠠ ᠣᠷᠣᠰᠬᠠᠯ ᠤᠨ 80 ᠮᠧᠲᠷ ᠤᠨ ᠵᠠᠢ ᠳᠤ ᠰᠢᠨ᠎ᠡ ᠬᠦᠬᠦᠷᠭᠡ ᠪᠠᠷᠢᠵᠦ᠂ ᠭᠤᠣᠯ ᠤᠨ ᠣᠷᠣᠰᠬᠠᠯ ᠢ ᠰᠢᠯᠣᠭᠤᠳᠬᠠᠬᠤ ᠶᠢᠨ ᠲᠦᠯᠦᠭᠡ᠂ ᠣᠣᠯ ᠬᠦᠬᠦᠷᠭᠡ ᠶᠢᠨ ᠰᠠᠭᠤᠷᠢ ᠪᠠ ᠬᠠᠮᠠᠷ ᠬᠠᠳᠠ ᠶᠢ ᠳᠡᠯᠪᠠᠴᠢᠵᠤ ᠬᠠᠶᠠᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ